ᠤᠯᠠᠮᠵᠢᠯᠠᠯ᠂  ᠪᠠᠷᠢᠮᠳᠠᠯᠠᠯ᠂ ᠰᠢᠨᠡᠴᠢᠯᠡᠯ ᠬᠡᠮᠡᠬᠦ ᠴᠢᠨᠳᠠᠮᠤᠨᠢ ᠬᠠᠷᠠᠭᠠᠰᠤ
ᠨᠡᠶᠢᠲᠡᠯᠡᠭᠰᠡᠨ ᠴᠠᠭ᠄
2023/5/4
                                   — ᠳᠤᠯᠠᠭᠠᠨ ᠫᠷᠦᠹᠧᠰᠰᠤᠷ ᠤᠨ ︽ᠤᠯᠠᠮᠵᠢᠯᠠᠯ ᠪᠠ ᠬᠠᠷᠢᠴᠠᠭᠤᠯᠤᠯ — ᠤᠳᠬ᠎ᠠ  ᠵᠤᠬᠢᠶᠠᠯ ᠰᠤᠳᠤᠯᠤᠯ ᠤᠨ  ᠬᠡᠯᠬᠢᠶ᠎ᠡ ᠦᠭᠡᠢ ᠰᠤᠪᠤᠳ︾ ᠭᠡᠬᠦ ᠨᠤᠮ ᠤᠨ ᠲᠤᠬᠠᠢ        ᠳᠤᠯᠠᠭᠠᠨ ᠫᠷᠤᠹᠧᠰᠰᠤᠷ ᠤᠨ ᠰᠢᠨᠡᠬᠡᠨ ᠬᠡᠪᠯᠡᠬᠦᠯᠦᠭᠰᠡᠨ ︽ᠤᠯᠠᠮᠵᠢᠯᠠᠯ ᠪᠠ ᠬᠠᠷᠢᠴᠠᠭᠤᠯᠤᠯ —  ᠤᠳᠬ᠎ᠠ  ᠵᠤᠬᠢᠶᠠᠯ‌‍ᠰᠤᠳᠤᠯᠤᠯ ᠤᠨ ᠬᠡᠯᠬᠢᠶ᠎ᠡ ᠦᠭᠡᠢ ᠰᠤᠪᠤᠳ︾ ᠬᠡᠮᠡᠬᠦ ᠰᠤᠳᠤᠯᠭᠠᠨ ᠤ  ᠲᠡᠭᠦᠪᠤᠷᠢ ᠶᠢ ᠨᠢ  ᠰᠢᠰᠲ᠋ᠧᠮ ᠲᠠᠢ  ᠣᠩᠰᠢᠯ᠎ᠡ᠃  ᠲᠤᠰ ᠰᠤᠳᠤᠯᠭᠠᠨ ᠤ ︵ᠦᠬᠦᠯᠡᠯ ᠤᠨ︶  ᠲᠡᠭᠦᠪᠤᠷᠢ ᠨᠢ  ᠳᠤᠯᠠᠭᠠᠨ  ᠫᠷᠤᠹᠧᠰᠰᠤᠷ ᠤᠨ  1993 ᠤᠨ ᠠᠴᠠ 2017 ᠤᠨ ᠤ ᠬᠤᠭᠤᠷᠤᠨᠳᠤᠬᠢ 25 ᠵᠢᠯ ᠤᠨ ᠤᠯᠤᠰ ᠤᠨ ᠳᠤᠲᠤᠨ᠎ᠠ ᠭᠠᠳᠠᠨᠠᠬᠢ ᠬᠤᠷᠠᠯ ᠴᠤᠭᠯᠠᠭᠠᠨ᠂ ᠰᠤᠨᠢᠨ ᠰᠡᠳᠬᠦᠯ ᠵᠢᠴᠢ ᠨᠤᠮ ᠵᠤᠬᠢᠶᠠᠯ ᠳᠤ ᠨᠡᠶᠢᠳᠡᠯᠡᠵᠤ ᠲᠡᠭᠦᠪᠦᠷᠢᠯᠡᠭᠰᠡᠨ ᠪᠠ 3 ᠰᠢᠨ᠎ᠡ ᠪᠠᠷ ᠪᠢᠴᠢᠭᠳᠡᠭᠰᠡᠨ ᠰᠤᠳᠤᠯᠭᠠᠨ ᠤ ᠦᠭᠦᠯᠡᠯ ᠰᠢᠭᠦᠮᠵᠢ ᠶᠢᠨ ᠬᠢᠨᠢ ᠡᠮᠬᠢᠳᠬᠡᠯ ᠪᠠᠶᠢᠵᠤ᠂ ᠨᠡᠶᠢᠲᠡ 46 ᠰᠤᠳᠤᠯᠭᠠᠨ ᠤ ᠦᠭᠦᠯᠡᠯ ᠰᠢᠭᠦᠮᠵᠢ ᠰᠤᠩᠭᠤᠭᠳᠠᠵᠤ᠂ ᠳᠡᠭᠡᠳᠦ ᠳᠤᠤᠷᠠᠳᠤ ᠬᠤᠶᠠᠷ ᠳᠡᠪᠲᠡᠷ ᠪᠤᠯᠭᠠᠨ ᠬᠡᠪᠯᠡᠬᠦᠯᠵᠠᠢ᠃       ᠤᠯᠠᠮᠵᠢᠯᠠᠯ ᠰᠢᠨᠡᠴᠢᠯᠡᠯ ᠪᠤᠯ ᠤᠷᠠᠨ ᠵᠤᠬᠢᠶᠠᠯ ᠤᠨ ᠬᠦᠭᠵᠢᠯᠳᠡ ᠶᠢᠨ ᠵᠢᠮ᠎ᠡ ᠶᠤᠰᠤ ᠪᠤᠯᠤᠨ᠎ᠠ᠃ ᠲᠤᠰ ᠨᠤᠮ ᠢ ᠨᠠᠷᠢᠨ‌ᠤᠡᠭᠰᠢᠵᠤ᠂ ᠨᠢᠮᠪᠠᠢ ᠰᠤᠳᠤᠯᠤᠭᠰᠠᠨ ᠤ ᠰᠠᠭᠤᠷᠢᠨ ᠳᠤ ᠡᠳᠡᠭᠡᠷ ᠰᠤᠳᠤᠯᠭᠠᠨ ᠤ ᠦᠭᠦᠯᠡᠯ  ᠰᠢᠭᠦᠮᠵᠢ ᠨᠦᠭᠦᠳ ᠨᠢ  ᠦᠪᠡᠷᠮᠢᠴᠡ‌ᠤᠨᠴᠠᠯᠢᠭ ᠪᠤᠯᠤᠭᠰᠠᠨ ᠪᠠᠷᠢᠮᠳᠠᠯᠠᠯ ᠢᠶᠠᠷ ᠢᠶᠠᠨ ᠬᠢᠯᠠᠯᠵᠡᠨ ᠬᠠᠷᠠᠭᠳᠠᠵᠤ᠂  ︽ᠤᠯᠠᠮᠵᠢᠯᠠᠯ᠂  ᠪᠠᠷᠢᠮᠳᠠᠯᠠᠯ᠂  ᠰᠢᠨᠠᠴᠢᠯᠡᠯ︾  ᠬᠡᠮᠡᠬᠦ‌‍ᠴᠢᠨᠳᠠᠮᠤᠨᠢ ᠬᠠᠷᠠᠭᠠᠰᠤ ᠶᠢ ᠪᠦᠷᠢᠯᠳᠦᠭᠦᠯᠵᠠᠢ᠃ ᠡᠭᠦᠨ ᠢ ᠳᠤᠤᠷᠠᠬᠢ ᠭᠤᠷᠪᠠᠨ ᠲᠠᠯ᠎ᠠ ᠠᠴᠠ ᠰᠦᠪᠡᠭᠴᠢᠯᠡᠶ᠎ᠡ᠃       ᠰᠤᠳᠤᠯᠭᠠᠨ ᠤ ᠦᠷᠭᠡᠨ ᠬᠠᠷᠠᠭ᠎ᠠ ᠪᠠ ᠤᠯᠠᠮᠵᠢᠯᠠᠯ ᠬᠡᠮᠡᠬᠦ ᠦᠨᠳᠦᠰᠦᠯᠡᠯ       ᠤᠯᠠᠮᠵᠢᠯᠠᠯᠳᠤ ᠰᠤᠶᠤᠯ ᠤᠨ ᠬᠦᠷᠦᠰᠦ ᠵᠤᠵᠠᠭᠠᠨ ᠮᠤᠩᠭᠤᠯᠴᠤᠳ ᠲᠤ ᠠᠪᠴᠦ ᠬᠡᠯᠡᠪᠡᠯ  ᠤᠳᠤᠬᠢᠴᠢ  ᠬᠤᠪᠢᠰᠤᠯᠳᠠ‌‍ᠶᠠᠭᠠᠬᠢᠬᠤ ᠶᠢᠨ ᠠᠷᠭ᠎ᠠ ᠦᠭᠡᠢ ᠰᠤᠷᠢᠯᠳᠠ ᠪᠤᠯᠬᠤ ᠶᠢᠨ ᠬᠠᠮᠲᠦ ᠪᠠᠰᠠ ᠴᠦ ᠨᠢᠭᠡᠨ ᠠᠵᠠ ᠵᠠᠪᠰᠢᠶᠠᠨ ᠪᠠᠶᠢᠵᠤ ᠲᠠᠭᠠᠷᠠᠨ᠎ᠠ᠃        ᠤᠯᠠᠮᠵᠢᠯᠠᠯ ᠳᠤ ᠬᠡᠷᠬᠢᠨ ᠬᠠᠨᠳᠤᠬᠤ ᠪᠤᠢ︖ ᠭᠡᠳᠡᠭ  ᠠᠰᠠᠭᠤᠯᠳᠠ ᠳᠤ  ᠪᠢᠳᠡ  ᠡᠷᠬᠡᠪᠰᠢ  ᠰᠢᠨᠵᠢᠯᠡᠬᠦ  ᠤᠬᠠᠭᠠᠨᠴᠢ‌ᠤᠪᠤᠷ ᠢ  ᠪᠠᠷᠢᠮᠳᠠᠯᠠᠵᠤ᠂  ᠬᠦᠭᠵᠢᠵᠤ  ᠪᠠᠶᠢᠨ᠎ᠠ  ᠭᠡᠳ  ᠬᠦᠮᠦᠨ ᠢ  ᠰᠤᠬᠤᠷ  ᠪᠠᠯᠠᠢ  ᠳᠠᠭᠠᠵᠤ  ᠪᠤᠯᠬᠤ  ᠦᠭᠡᠢ᠂  ᠬᠠᠷᠢᠨ‌ᠦᠪᠡᠷ ᠤᠨ ᠢᠶᠠᠨ ᠰᠤᠶᠤᠯ ᠳᠤ ᠦᠨᠳᠦᠰᠦᠵᠢᠨ ᠪᠤᠯᠪᠠᠰᠤᠷᠠᠭᠰᠠᠨ  ᠤᠬᠢ  ᠱᠦᠯᠲᠦ ᠶᠢ  ᠡᠷᠢᠨ  ᠭᠠᠷᠭᠠᠵᠤ᠂  ᠢᠷᠡᠭᠡᠳᠦᠢ ᠵᠢᠨ‌ᠵᠠᠮ ᠢᠶᠠᠨ ᠰᠦᠪᠡᠭᠴᠢᠯᠡᠪᠡᠯ ᠵᠤᠬᠢᠨ᠎ᠠ᠃  ᠡᠬᠦᠨ ᠢ  ᠳᠤᠯᠠᠭᠠᠨ  ᠫᠷᠤᠹᠧᠰᠰᠤᠷ ᠠᠴᠠ  ᠡᠷᠳᠡᠮ  ᠰᠢᠨᠵᠢᠯᠡᠭᠡᠨ ᠳᠡᠭᠡᠨ  ᠡᠶᠢᠨ  ᠬᠦ‌ᠦᠢᠯᠡᠳᠦᠯᠭᠡᠵᠢᠭᠦᠯᠦᠭᠰᠡᠨ ᠪᠠᠶᠢᠳᠠᠭ᠃       ᠬᠤᠪᠢ ᠬᠦᠮᠦᠨ ᠤ ᠰᠤᠳᠤᠯᠭᠠᠨ ᠳᠤ ᠠᠪᠴᠦ ᠦᠵᠡᠬᠦ ᠳᠤ ︽ᠤᠯᠠᠮᠵᠢᠯᠠᠯ ᠪᠠ ᠬᠠᠷᠢᠴᠠᠭᠤᠯᠤᠯ — ᠤᠳᠬ᠎ᠠ ᠵᠤᠬᠢᠶᠠᠯ‌‍ᠰᠤᠳᠤᠯᠤᠯ ᠤᠨ ᠬᠡᠯᠬᠢᠶ᠎ᠡ ᠦᠭᠡᠢ ᠰᠤᠪᠤᠳ︾ ᠭᠡᠬᠦ ᠨᠤᠮ ᠨᠢ ᠮᠤᠩᠭᠤᠯ ᠠᠷᠠᠳ ᠤᠨ ᠠᠮᠠᠨ ᠵᠤᠬᠢᠶᠠᠯ᠂ ᠮᠤᠩᠭᠤᠯ ᠵᠠᠩ ᠦᠢᠯᠡ᠂ᠮᠤᠩᠭᠤᠯ ᠦᠭᠡ ᠬᠡᠯᠡ ᠦᠰᠦᠭ ᠪᠢᠴᠢᠭ᠂ ᠬᠠᠷᠢᠴᠠᠭᠤᠯᠤᠭᠰᠠᠨ ᠤᠳᠬ᠎ᠠ ᠵᠤᠬᠢᠶᠠᠯ᠂ ᠳ᠋᠊ ·  ᠨᠠᠴᠤᠭᠳᠤᠷᠵᠢ ᠶᠢᠨ  ᠰᠤᠳᠤᠯᠤᠯ᠂ᠤᠷᠠᠨ ᠵᠤᠬᠢᠶᠠᠯ ᠤᠨ ᠰᠢᠬᠦᠮᠵᠢ  ᠵᠡᠷᠬᠡ  ᠵᠢᠷᠭᠤᠭᠠᠨ  ᠰᠤᠳᠤᠯᠭᠠᠨ ᠤ  ᠬᠦᠷᠢᠶ᠎ᠡ ᠶᠢ  ᠬᠠᠮᠤᠷᠴᠦ᠂  ᠰᠡᠳᠦᠪ  ᠰᠤᠩᠭᠤᠯᠳᠠ ᠵᠢᠨ‌‍ᠲ᠋ᠠᠯ᠎ᠠ ᠳᠤ ᠨᠡᠯᠢᠶᠡᠳ ᠦᠷᠭᠡᠨ ᠪᠤᠯᠤᠭᠰᠠᠨ ᠪᠠᠶᠢᠨ᠎ᠠ᠃  ᠡᠨᠡ ᠨᠢ  ᠦᠪᠡᠷ ᠤᠨ  ᠭᠤᠤᠯ  ᠴᠢᠭᠯᠡᠯ  ᠪᠤᠯᠤᠭᠰᠠᠨ  ᠰᠤᠳᠤᠯᠭᠠᠨ ‍ᠤ‌‍ᠬᠦ᠋ᠷᠢᠶ᠎ᠡ ᠠᠴᠠ ᠪᠠᠨ ᠵᠤᠷᠢᠭᠳᠠᠢ ᠳᠠᠪᠠᠨ᠂ ᠨᠡᠩ  ᠦᠷᠭᠡᠨ  ᠬᠠᠷᠠᠭᠠᠰᠤ ᠪᠠᠷ  ᠦᠪᠡᠷ ᠤᠨ  ᠰᠤᠳᠤᠯᠭᠠᠨ ᠢᠶᠠᠨ  ᠡᠬᠢᠯᠡᠭᠦᠯᠦᠭᠰᠡᠨ‌‍ᠪᠠᠶᠢᠳᠠᠭ᠃        ᠮᠤᠩᠭᠤᠯᠴᠤᠳ ᠪᠤᠯ ᠬᠦᠨ ᠵᠤᠵᠠᠭᠠᠨ ᠠᠷᠠᠳ ᠤᠨ ᠠᠮᠠᠨ ᠤᠯᠠᠮᠵᠢᠯᠠᠯ ᠲᠠᠢ  ᠦᠨᠳᠦᠰᠦᠲᠡᠨ  ᠮᠦᠨ᠃  ᠠᠷᠠᠳ ‍ᠤᠨ‌ᠠᠮᠠᠨ ᠤᠯᠠᠮᠵᠢᠯᠠᠯ ᠨᠢ ᠠᠷᠠᠳ ᠲᠦᠮᠡᠨ ᠤ ᠳᠤᠮᠳᠠ ᠲᠡᠷᠬᠠᠨ ᠤᠯᠠᠮᠵᠢᠯᠠᠭᠳᠠᠵᠤ᠂ ᠠᠷᠠᠳ ᠲᠦᠮᠡᠨ ᠤ  ᠦᠭᠡ  ᠶᠠᠷᠢᠶ᠎ᠠ  ᠦᠢᠯᠡ‌ᠠᠵᠢᠯᠯᠠᠭ᠎ᠠ ᠶᠢ ᠨᠦᠯᠦᠭᠡᠯᠡᠵᠦ᠂ ᠤᠶᠤᠨ ᠤᠬᠠᠭᠠᠨ ᠤ ᠤᠭᠤᠳᠠ ᠶᠢ ᠨᠦᠬᠦᠪᠦᠷᠢᠯᠡᠵᠤ᠂  ᠤᠳᠬ᠎ᠠ  ᠵᠤᠬᠢᠶᠠᠯ ᠤᠨ  ᠡᠬᠢ  ᠪᠤᠯᠠᠭ‌‍ᠪᠤᠯᠤᠭᠰᠠᠭᠠᠷ ᠢᠷᠡᠭᠰᠡᠨ ᠶᠤᠮ᠃ ᠳᠤᠯᠠᠭᠠᠨ ᠫᠷᠤᠹᠧᠰᠰᠤᠷ ᠠᠷᠠᠤᠨ ᠤᠨ  ᠠᠮᠠᠨ  ᠤᠯᠠᠮᠵᠢᠯᠠᠯ  ᠬᠡᠮᠡᠬᠦ  ᠰᠢᠮᠡᠲᠦ  ᠬᠦᠷᠦᠰᠦᠨ ᠳ᠋ᠤ᠋‌ᠦᠪᠡᠷ ᠤᠨ ᠰᠤᠳᠤᠯᠭᠠᠨ ᠢᠶᠠᠨ  ᠡᠬᠢᠯᠡᠬᠦᠯᠵᠠᠢ᠃  ᠡᠭᠦᠨ ᠳᠤ  ᠤᠯᠠᠮᠵᠢᠯᠠᠯ ᠤᠨ  ᠬᠢᠯᠠᠰ  ᠴᠡᠭ  ᠪᠤᠯᠤᠭᠰᠠᠨ  ᠲᠤᠤᠯᠢ  ᠪᠤᠯᠤᠨ‌ᠦᠯᠢᠭᠡᠷ ᠢ  ᠠᠩᠬᠠᠷᠤᠨ  ᠰᠤᠳᠤᠯᠵᠠᠢ᠃   ᠲᠤᠤᠯᠢ   ᠰᠤᠳᠤᠯᠭᠠᠨ ᠳᠤ   ︽ᠪᠠᠭᠠᠳᠦᠷ ᠤᠨ   ᠲᠤᠤᠯᠢ   ᠬᠢᠭᠡᠳ   ᠡᠷᠳᠡᠨ ‍ᠤ‌ᠮᠤᠩᠭᠤᠯᠴᠤᠳ ᠤᠨ ᠬᠡᠯᠡᠨ ᠤ ᠰᠢᠲᠦᠯᠭᠡ︾᠂ ︽ᠪᠠᠭᠠᠳᠤᠷ ᠤᠨ ᠲᠤᠤᠯᠢ ᠬᠢᠭᠡᠳ ᠮᠤᠩᠭᠤᠯᠴᠤᠳ ᠤᠨ  ᠲᠠᠮᠠᠬᠢᠨ ᠤ  ᠰᠤᠶᠤᠯ︾᠂︽ᠪᠢᠶᠠᠨ ᠶᠤᠸᠠᠨ ᠤ ᠰᠢᠯᠦᠭᠯᠡᠨ ᠨᠠᠶᠢᠷᠠᠭᠤᠯᠤᠭᠰᠠᠨ ︿ᠬᠤᠨᠭ᠍ᠭᠤᠷ﹀   ᠨᠢ  ᠮᠤᠩᠭᠤᠯ  ᠲᠦᠷᠦᠭ  ᠪᠠᠭᠠᠳᠤᠷᠯᠢᠭ  ᠦᠯᠢᠭᠡᠷ ᠲᠠᠢ‌ᠢᠯᠡᠬᠦᠦ ᠬᠤᠯᠪᠤᠭᠳᠠᠬᠤ ᠨᠢ︾ ᠵᠡᠷᠭᠡ ᠦᠭᠦᠯᠡᠯ ᠨᠦᠭᠦᠳ ᠨᠢ ᠲᠤᠬᠠᠢ ᠶᠢᠨ ᠦᠶ᠎ᠡ ᠶᠢᠨ ᠲᠤᠤᠯᠢ  ᠰᠤᠳᠤᠯᠭᠠᠨ ᠤ  ᠬᠠᠷᠠᠭᠠᠰᠤ ᠵᠢ‌ᠦᠷᠬᠡᠳᠬᠡᠵᠤ᠂ ᠦᠷᠳᠡᠭ ᠢ ᠨᠡᠮᠡᠭᠳᠡᠭᠦᠯᠵᠤ ᠴᠢᠳᠠᠭᠰᠠᠨ ᠪᠠᠶᠢᠳᠠᠭ᠃ ᠦᠯᠢᠭᠡᠷ ᠤᠨ ᠰᠤᠳᠤᠯᠭᠠᠨ ᠳᠤ ︽ᠮᠤᠩᠭᠤᠯ  ᠦᠯᠢᠭᠡᠷ ‍ᠤᠨ‌‍ᠲ᠋ᠠᠯᠠᠢ ᠠᠴᠠ ᠰᠤᠪᠤᠳ ᠱᠢᠷᠦ ᠱᠦᠭᠦᠭᠴᠢ  —  ᠬᠠᠷᠭᠠᠨ᠎ᠠ  ·  ᠴᠡᠴᠡᠭ  ᠨᠠᠰᠤᠳᠠᠨ ᠤ  ᠬᠡᠯᠡᠭᠰᠡᠨ  ᠦᠯᠢᠭᠡᠷ  ᠲᠤᠤᠯᠢ ᠵᠢᠨ‌ᠠᠩᠬᠠᠨ ᠤ ᠰᠢᠨᠵᠢᠯᠡᠯ︾᠂ ︽ᠦᠯᠵᠡᠢ ᠶᠢᠨ ᠯᠤᠪᠰᠠᠩ  ᠬᠤᠭᠤᠷᠴᠢ ᠶᠢᠨ  ᠬᠡᠯᠡᠭᠰᠡᠨ  ︿  ᠪᠤᠳᠢ  ᠮᠡᠷᠭᠡᠨ  ᠬᠠᠭᠠᠨ ﹀  ᠬᠡᠮᠡᠬᠦ‌ᠦᠯᠢᠭᠡᠷ ᠤᠨ ᠲᠤᠬᠠᠢ ᠰᠤᠳᠤᠯᠤᠯ︾᠂ ︽ᠦᠰᠬᠦᠪᠤᠶᠠᠨ ᠬᠤᠭᠤᠷᠴᠢ ᠶᠢᠨ ᠬᠡᠯᠡᠭᠰᠡᠨ ᠰᠢᠨ᠎ᠡ ᠬᠤᠭᠤᠷ ᠤᠨ  ᠦᠯᠢᠭᠡᠷ  ︿  ᠭᠠᠯ‌‍ᠱᠤᠩᠬᠤᠷ﹀ ᠲᠠᠬᠢ ᠪᠧᠨᠰᠡᠨ ᠦᠯᠢᠭᠡᠷ ᠤᠨ ᠡᠯᠧᠮᠧᠨ᠋ᠲ︾ ᠵᠡᠷᠭᠡ ᠦᠬᠦᠯᠡᠯ ᠳᠤᠷᠠᠳᠤᠭᠳᠠᠵᠤ᠂ ᠡᠳᠡᠭᠡᠷ ᠰᠤᠳᠤᠯᠭᠠᠨ ᠨᠢ  ᠰᠲ᠋ᠢᠯᠢ‌‍ᠲ᠋ᠦ᠋ᠷᠦᠯ ᠤᠨ ᠠᠩᠬᠢᠯᠠᠯ᠂  ᠠᠭᠤᠯᠭ᠎ᠠ  ᠬᠡᠯᠪᠡᠷᠢ ᠶᠢᠨ  ᠰᠤᠳᠤᠯᠤᠯ᠂  ᠦᠭᠦᠯᠡᠮᠵᠢ  ᠮᠤᠲ᠋ᠢᠹ ᠤᠨ  ᠬᠠᠷᠢᠴᠠᠭᠤᠯᠤᠯ  ᠵᠢᠴᠢ  ᠬᠡᠯᠡ‌‍ᠬᠡᠯᠡᠯᠭᠡ ᠳᠤ ᠨᠢ ᠬᠦᠷᠳᠡᠯ᠎ᠡ ᠬᠦᠨᠵᠡᠭᠡᠶᠢᠷᠡᠵᠤ ᠴᠢᠳᠠᠬᠰᠠᠨ ᠪᠦᠬᠡᠳ  ᠦᠯᠢᠭᠡᠷ ᠤᠨ  ᠰᠤᠳᠤᠯᠭᠠᠨ ᠢ  ᠰᠢᠰᠲ᠋ᠧᠮ ᠲᠠᠢ  ᠰᠢᠨᠵᠢᠯᠡᠬᠦ‌ᠤᠬᠠᠭᠠᠨᠴᠢ ᠪᠠᠷ ᠬᠦᠨᠵᠡᠭᠡᠶᠢᠷᠡᠬᠦᠯᠵᠤ᠂ ᠳᠡᠯᠡᠬᠡᠢ ᠶᠢᠨ ᠰᠤᠳᠤᠯᠭᠠᠨ ᠤ ᠵᠦᠭ ᠬᠦᠭᠵᠢᠵᠤ ᠪᠠᠶᠢᠭ᠎ᠠ ᠶᠢ ᠬᠠᠷᠠᠭᠤᠯᠵᠤ᠂ ᠦᠯᠢᠭᠡᠷ ‍ᠤᠨ‌‍ᠰᠤᠳᠤᠯᠭᠠᠨ ᠤ ᠨᠢᠭᠡᠨ ᠳᠠᠪᠠᠯᠳᠠ ᠪᠤᠯᠤᠭᠰᠠᠨ ᠪᠠᠶᠢᠨ᠎ᠠ᠃        ᠮᠤᠩᠭᠤᠯ ᠤᠨ ᠤᠷᠴᠢᠨ ᠦᠶ᠎ᠡ ᠶᠢᠨ ᠤᠷᠠᠨ ᠵᠤᠬᠢᠶᠠᠯ ᠤᠨ ᠬᠤᠪᠢ ᠳᠤ ᠪᠠᠰᠠ  ᠤᠯᠠᠨ  ᠦᠬᠦᠯᠡᠯ  ᠬᠤᠯᠪᠤᠭᠳᠠᠭᠰᠠᠨ‌‍ᠪᠠᠶᠢᠳᠠᠭ᠃ ᠵᠢᠱᠢᠶᠡᠯᠡᠪᠡᠯ᠂ ᠮᠤᠩᠭᠤᠯ ᠤᠨ ᠤᠷᠴᠢᠨ ᠦᠶ᠎ᠡ ᠶᠢᠨ  ᠤᠷᠠᠨ  ᠵᠤᠬᠢᠶᠠᠯ ᠤᠨ  ᠰᠠᠭᠤᠷᠢ ᠶᠢ  ᠲᠠᠯᠪᠢᠭᠴᠢ  ︽ᠳ᠋᠊  ·ᠨᠠᠴᠤᠭᠳᠤᠷᠵᠢ ᠶᠢᠨ ᠰᠤᠳᠤᠯᠤᠯ︾ ᠳᠤ ︽ᠳ᠋᠊ ·  ᠨᠠᠴᠤᠭᠳᠤᠷᠵᠢ ᠶᠢᠨ  ᠵᠤᠬᠢᠶᠠᠯ ᠤᠨ  ᠲᠡᠭᠦᠪᠦᠷᠢ ᠶᠢ  ᠤᠶᠢᠭᠤᠷᠵᠢᠨ  ᠮᠤᠩᠭᠤᠯ‌‍ᠪᠢᠴᠢᠭ ᠢᠶᠠᠷ ᠳᠠᠬᠢᠨ ᠬᠡᠪᠯᠡᠬᠦᠯᠬᠦ ᠶᠢᠨ ᠤᠴᠢᠷ︾᠂ ︽︿ᠨᠢᠭᠡᠨ ᠰᠡᠳᠬᠢᠯ ᠢ ᠪᠦᠮᠪᠦᠷᠢᠭᠦᠯᠦᠭᠰᠡᠨ ᠦᠶ᠎ᠡ ﹀ ᠠᠴᠠ  ︿  ᠠᠭᠤᠯᠠ‌ᠤᠰᠤᠨ ᠤ ᠦᠬᠢᠨ ᠬᠦᠷᠳᠡᠯ᠎ᠡ﹀︾᠂ ︽ᠴᠠᠭᠠᠨ ᠰᠠᠷ᠎ᠠ ᠪᠠ ᠳ᠋᠊ · ᠨᠠᠴᠤᠭᠳᠤᠷᠵᠢ᠂ ᠰ᠊ · ᠪᠤᠶᠠᠨᠨᠠᠮᠠᠬᠦ ᠬᠤᠶᠠᠷ — ︿ᠴᠠᠭᠠᠨ‌‍ᠰᠠᠷ᠎ᠠ ᠪᠠ ᠬᠠᠷ᠎ᠠ ᠨᠢᠯᠪᠤᠰᠤ﹀ ᠬᠢᠭᠡᠳ ︿ᠴᠤᠬᠤᠮ ᠶᠠᠭᠤᠨ ᠤ ᠲᠦᠯᠦᠭᠡ ᠪᠤᠢ︖﹀ ᠬᠤᠶᠠᠷ ᠵᠤᠬᠢᠶᠠᠯ ᠤᠨ ᠬᠠᠷᠢᠴᠠᠭᠤᠯᠤᠯ︾᠂︽︿ᠤᠴᠢᠷᠳᠠᠢ ᠭᠤᠷᠪᠠᠨ ᠲᠤᠯᠤᠭᠠᠢ﹀ ᠪᠠ ᠪᠡᠭᠡᠵᠢᠩ  ᠰᠢ︾  ᠭᠡᠭᠦ  ᠮᠡᠲᠦ ᠶᠢᠨ  ᠦᠭᠦᠯᠡᠯ ᠤᠳ  ᠬᠤᠯᠪᠤᠭᠳᠠᠵᠤ᠂  ᠳ᠋᠊  ·ᠨᠠᠴᠤᠭᠳᠤᠷᠵᠢ ᠶᠢᠨ ᠵᠤᠬᠢᠶᠠᠯ ᠪᠦᠲᠦᠭᠡᠯ ᠤᠨ ᠤᠯᠠᠮᠵᠢᠯᠠᠯ ᠤᠨ  ᠬᠤᠪᠢ ᠳᠤ  ᠲᠧᠺᠰᠲ  ᠰᠤᠳᠤᠯᠤᠯ ᠳᠤ  ᠤᠷᠤᠰᠢᠵᠤ  ᠪᠠᠶᠢᠭ᠎ᠠ‌ᠠᠰᠠᠭᠤᠳᠠᠯ ᠢ ᠢᠯᠡᠷᠡᠬᠦᠯᠵᠤ᠂ ᠲᠧᠺᠰᠲ ᠰᠤᠳᠤᠯᠤᠯ ᠢ ᠴᠢᠬᠤᠯᠠᠴᠢᠯᠠᠨ᠂  ᠠᠳᠠᠯᠢᠬᠠᠨ  ᠴᠠᠭ  ᠦᠶ᠎ᠡ ᠶᠢᠨ  ᠠᠳᠠᠯᠢ  ᠰᠡᠳᠦᠪᠲᠦ‌ᠵᠤᠬᠢᠶᠠᠯᠴᠢᠳ ᠤᠨ ᠵᠤᠬᠢᠶᠠᠯ ᠪᠦᠲᠦᠭᠡᠯ ᠢ ᠬᠠᠷᠢᠴᠠᠭᠤᠯᠬᠤ ᠪᠠᠷ ᠳᠠᠮᠵᠢᠭᠤᠯᠵᠤ᠂  ᠲᠡᠳᠡ  ᠨᠠᠷ ᠤᠨ  ᠦᠵᠡᠯ  ᠰᠠᠨᠠᠭ᠎ᠠ᠂  ᠠᠷᠭ᠎ᠠ‌‍ᠪᠠᠷᠢᠯ ᠤᠨ ᠬᠢᠨᠢ ᠵᠦᠷᠢᠶ᠎ᠡ ᠶᠢ  ᠲᠤᠳᠤᠷᠠᠭᠤᠯᠵᠤ᠂  ᠤᠷᠠᠨ  ᠵᠤᠬᠢᠶᠠᠯ ᠤᠨ  ᠤᠨᠴᠠᠯᠢᠭ  ᠰᠢᠨᠵᠢ  ᠵᠢᠴᠢ  ᠨᠦᠯᠦᠭᠡ  ᠳᠤᠰᠬᠠᠯ ᠢ‌ᠮᠦ᠋ᠷᠳᠡᠭᠰᠡᠨ ᠪᠠᠶᠢᠨ᠎ᠠ᠃        ᠤᠳᠤ ᠦᠶ᠎ᠡ ᠶᠢᠨ ᠮᠤᠩᠭᠤᠯ ᠤᠷᠠᠨ ᠵᠤᠬᠢᠶᠠᠯ ᠤᠨ ᠲᠤᠬᠠᠢ ᠪᠢᠴᠢᠭᠰᠡᠨ ᠰᠤᠳᠤᠯᠭᠠᠨ ᠤ ᠰᠢᠭᠦᠮᠵᠢ ᠨᠢ ᠮᠦᠨ  ᠰᠡᠳᠦᠪ‌ᠦᠷᠭᠡᠨ ᠪᠠᠶᠢᠵᠤ᠂ ᠤᠷᠠᠨ ᠵᠤᠬᠢᠶᠠᠯ ᠤᠨ ᠰᠲ᠋ᠢᠯᠢ ᠲᠦᠷᠦᠯ ᠢ ᠪᠦᠬᠦᠨ ᠢ ᠬᠠᠮᠤᠷᠤᠭᠰᠠᠨ ᠰᠢᠨᠵᠢ ᠲᠠᠢ ᠪᠠᠶᠢᠳᠠᠭ᠃ ᠤᠨᠴᠠᠭᠠᠢᠢᠯᠠᠨ︽ᠤᠯᠠᠮᠵᠢᠯᠠᠯ ᠢᠶᠠᠨ ᠵᠠᠯᠭᠠᠮᠵᠢᠯᠠᠵᠤ ᠳᠡᠯᠡᠬᠡᠢ ᠶᠢ ᠬᠠᠷᠠᠵᠤ ᠰᠢᠯᠢᠳᠡᠭ ᠪᠦᠲᠦᠭᠡᠯ ᠪᠢᠴᠢᠵᠤ ᠰᠢᠨ᠎ᠠ  ᠠᠮᠵᠢᠯᠳᠠ  ᠭᠠᠷᠭᠠᠶ᠎ᠠ︾  ᠭᠡᠬᠦ‌‍ᠰᠢᠭᠦᠮᠵᠢ ᠶᠢᠨ ᠴᠦᠮ᠎ᠡ ᠪᠤᠯᠤᠭᠰᠠᠨ ᠭᠠᠷᠴᠠᠭ ᠠᠴᠠ ᠨᠢ ᠳᠤᠯᠠᠭᠠᠨ ᠫᠷᠤᠹᠧᠰᠰᠤᠷ ᠤᠨ  ᠤᠯᠠᠮᠵᠢᠯᠠᠯ ᠳᠤ  ᠬᠠᠨᠳᠤᠭᠰᠠᠨ  ᠤᠪᠤᠷ ᠢ‌‍ᠲ᠋ᠤᠳᠤᠷᠬᠠᠢ ᠤᠯᠵᠤ ᠬᠠᠷᠠᠬᠤ ᠶᠢᠨ ᠬᠠᠮᠲᠦ ᠮᠤᠩᠭᠤᠯ ᠤᠷᠠᠨ ᠵᠤᠬᠢᠶᠠᠯ ᠤᠨ ᠳᠠᠪᠠᠭᠤᠯᠢᠭ ᠢ ᠨᠢ ᠢᠯᠡᠷᠡᠭᠦᠯᠦᠨ᠂  ᠳᠤᠲᠠᠭᠳᠠᠯ ᠢ ᠨᠢ‌‍ᠬᠦ᠋ᠨᠳᠡᠭᠰᠡᠨ ᠪᠠᠶᠢᠳᠠᠭ᠃ ᠰᠤᠳᠤᠯᠭᠠᠨ ᠤ ᠦᠬᠦᠯᠡᠯ ᠰᠢᠭᠦᠮᠵᠢ ᠨᠢ ᠡᠷᠳᠡᠨ ᠤ ᠤᠷᠠᠨ ᠵᠤᠬᠢᠶᠠᠯ ᠠᠴᠠ ᠤᠷᠴᠢᠨ ᠤᠳᠤ ᠦᠶ᠎ᠡ ᠵᠢᠨ‌ᠤᠷᠠᠨ ᠵᠤᠬᠢᠶᠠᠯ ᠬᠦᠷᠳᠡᠯ᠎ᠡ ᠴᠠᠭ ᠵᠠᠢ ᠶᠢᠨ  ᠲᠠᠯ᠎ᠠ ᠳᠤ  ᠶᠡᠬᠡᠬᠡᠨ  ᠠᠯᠤᠰᠯᠠᠵᠤ᠂  ᠤᠯᠠᠮᠵᠢᠯᠠᠯᠲᠦ  ᠰᠤᠶᠤᠯ ᠤᠨ  ᠬᠦᠷᠢᠶᠡᠨ ᠳ᠋ᠤ᠋‌ᠦᠷᠭᠡᠨ ᠬᠠᠷᠠᠭ᠎ᠠ ᠪᠠᠷ ᠰᠡᠳᠦᠪ ᠰᠤᠩᠭᠤᠭᠰᠠᠨ ᠪᠤᠯᠪᠠᠴᠦ ᠰᠤᠳᠤᠯᠭᠠᠨ ᠤ ᠬᠠᠷᠠᠭ᠎ᠠ ᠨᠢ  ᠤᠯᠠᠮᠵᠢᠯᠠᠯ  ᠬᠡᠮᠡᠬᠦ  ᠦᠨᠳᠦᠰᠦᠯᠡᠯ ᠳ᠋ᠤ᠋‌‍ᠰᠠᠭᠤᠷᠢᠯᠠᠭᠰᠠᠨ ᠠᠴᠠ ᠲᠤᠳᠤᠷᠬᠠᠢ ᠪᠤᠯᠵᠤ᠂ ᠪᠠᠳᠤᠳᠠᠢ ᠳ᠋ᠦᠡᠭ ᠳᠤ ᠬᠦᠷᠴᠠᠢ᠃         ᠰᠤᠳᠤᠯᠭᠠᠨ ᠤ ᠠᠷᠭ᠎ᠠ ᠵᠦᠢ ᠶᠢᠨ ᠪᠠᠷᠢᠮᠳᠠᠯᠠᠯ ᠪᠠ ᠬᠠᠷᠢᠴᠠᠭᠤᠯᠤᠨ ᠨᠤᠳᠠᠯᠠᠯᠳᠠ       ᠪᠠᠷᠢᠮᠳᠠᠯᠠᠯ ᠨᠢ ᠬᠠᠷᠠᠭ᠎ᠠ ᠪᠠᠶᠢᠬᠤ ᠳᠤ ᠠᠷᠭ᠎ᠠ ᠵᠦᠢ ᠨᠢ ᠲᠦᠯᠬᠢᠬᠦᠷ ᠪᠤᠯᠳᠠᠭ᠃ ᠠᠳᠠᠯᠢ ᠪᠤᠰᠤ ᠶᠢᠨ  ᠬᠠᠷᠠᠭᠠᠰᠤ ᠡᠴᠠ‌‍ᠪᠤᠯᠵᠤ ᠠᠳᠠᠯᠢ ᠪᠤᠰᠤ ᠶᠢᠨ  ᠳ᠋ᠦᠡᠭᠨᠡᠯᠳᠡ ᠳᠤ  ᠬᠦᠷᠳᠡᠭ᠃  ︽ᠤᠯᠠᠮᠵᠢᠯᠠᠯ  ᠪᠠ  ᠬᠠᠷᠢᠴᠠᠭᠤᠯᠤᠯ  —  ᠤᠳᠬ᠎ᠠ  ᠵᠤᠬᠢᠶᠠᠯ‌‍ᠰᠤᠳᠤᠯᠤᠯ ᠤᠨ ᠬᠡᠯᠬᠢᠶ᠎ᠡ ᠦᠭᠡᠢ ᠰᠤᠪᠤᠳ︾ ᠬᠡᠬᠦ ᠨᠤᠮ ᠨᠢ ᠠᠷᠭ᠎ᠠ ᠵᠦᠢ ᠶᠢᠨ ᠬᠤᠪᠢ ᠳᠤ ᠦᠪᠡᠷᠮᠢᠴᠡ  ᠪᠠᠷᠢᠮᠳᠠᠯᠠᠯ  ᠪᠦᠬᠦᠢ‌ᠠᠷᠭ᠎ᠠ ᠵᠦᠢ ᠪᠠᠷ ᠢᠶᠠᠨ ᠤᠨᠴᠠᠭᠠᠶᠢᠷᠠᠵᠤ᠂ ᠬᠠᠷᠢᠴᠠᠭᠤᠯᠤᠭᠰᠠᠨ ᠤᠳᠬ᠎ᠠ ᠵᠤᠬᠢᠶᠠᠯ ᠤᠨ  ᠠᠷᠭ᠎ᠠ  ᠪᠤᠯᠤᠨ  ᠰᠢᠯᠭᠠᠨ  ᠨᠤᠳᠠᠯᠠᠬᠤ‌ᠠᠷᠭ᠎ᠠ ᠪᠠᠷ ᠢᠶᠠᠨ ᠲᠤᠳᠤᠷᠠᠭᠰᠠᠨ ᠪᠠᠶᠢᠳᠠᠭ᠃        ᠰᠢᠨ᠎ᠡ ᠠᠷᠭ᠎ᠠ ᠪᠠᠷ ᠪᠠᠷᠢᠮᠳᠠᠯᠠᠯ ᠪᠤᠯᠭᠠᠨ ᠮᠤᠩᠭᠤᠯ  ᠤᠷᠠᠨ  ᠵᠤᠬᠢᠶᠠᠯ ᠤᠨ  ᠤᠨᠢᠰᠤ ᠶᠢ  ᠠᠮᠵᠢᠯᠳᠠ ᠲᠠᠢ  ᠨᠡᠬᠡᠬᠡᠵᠤ‌‍ᠪᠠᠶᠢᠭ᠎ᠠ ᠡᠷᠳᠡᠮᠳᠡᠳ ᠤᠨ ᠨᠢᠭᠡᠨ  ᠪᠤᠯ  ᠳᠤᠯᠠᠭᠠᠨ  ᠫᠷᠤᠹᠧᠰᠰᠤᠷ  ᠪᠤᠯᠤᠨ᠎ᠠ᠃  ᠬᠠᠷᠢᠴᠠᠭᠤᠯᠤᠭᠰᠠᠨ  ᠤᠳᠬ᠎ᠠ  ᠵᠤᠬᠢᠶᠠᠯ ‍ᠤᠨ‌ᠠᠷᠭ᠎ᠠ ᠪᠠᠷ ᠭᠤᠤᠯ ᠵᠡᠪᠰᠡᠭ ᠢᠶᠠᠨ ᠪᠤᠯᠭᠠᠭᠰᠠᠨ ᠨᠢ ᠲᠡᠭᠦᠨ ᠤ ᠤᠨᠴᠠᠯᠢᠭ ᠮᠦᠨ᠃  ᠡᠨᠡ  ᠬᠦ  ᠳᠡᠯᠡᠬᠡᠶᠢᠴᠢ  ᠬᠠᠷᠠᠭ᠎ᠠ  ᠪᠦᠬᠦᠢ‌ᠬᠠᠷᠢᠴᠠᠭᠤᠯᠤᠯ ᠤᠨ ᠠᠷᠭ᠎ᠠ ᠪᠠᠷ ᠮᠤᠩᠭᠤᠯ ᠤᠷᠠᠨ ᠵᠤᠬᠢᠶᠠᠯ ᠢᠶᠠᠨ ᠳᠠᠬᠢᠨ ᠠᠵᠢᠬᠯᠠᠬᠤ ᠨᠢ ᠤᠷᠠᠨ  ᠵᠤᠬᠢᠶᠠᠯ ᠢ  ᠨᠡᠩ  ᠦᠷᠭᠡᠨ‌ᠬᠠᠷᠠᠭᠠᠰᠤ ᠪᠠᠷ ᠤᠷᠠᠨ ᠵᠤᠬᠢᠶᠠᠯ ᠤᠨ ᠲᠡᠤᠬᠡᠨ ᠳᠤ  ᠰᠦᠬᠡᠷᠬᠦ  ᠲᠤᠩᠭᠠᠯᠳᠠ  ᠬᠢᠯᠭᠡᠵᠤ᠂  ᠦᠪ  ᠰᠤᠶᠤᠯ ᠢᠶᠠᠨ  ᠠᠭᠤᠳᠠᠯᠤᠨ‌‍ᠱᠦ᠋ᠭᠦᠬᠦ ᠳᠤ ᠳᠦᠭᠦᠮ ᠦᠵᠡᠭᠦᠯᠵᠤ᠂ ᠤᠳᠬ᠎ᠠ ᠵᠤᠬᠢᠶᠠᠯ ᠤᠨ ᠬᠦᠭᠵᠢᠯᠳᠡ ᠳᠤ ᠠᠬᠢᠬᠤ ᠬᠦᠴᠦᠨ ᠪᠤᠯᠵᠠᠢ᠃  ᠲᠤᠰ  ᠨᠤᠮ ᠤᠨ︽ᠬᠠᠷᠢᠴᠠᠭᠤᠯᠤᠭᠰᠠᠨ ᠤᠳᠬ᠎ᠠ ᠵᠤᠬᠢᠶᠠᠯ ᠤᠨ  ᠰᠤᠳᠤᠯᠤᠯ  ᠬᠢᠬᠡᠳ  ᠮᠤᠩᠭᠤᠯ  ᠤᠷᠠᠨ  ᠵᠤᠬᠢᠶᠠᠯ ᠤᠨ  ᠲᠡᠤᠬᠡᠨ  ᠱᠠᠲᠦ︾᠂︽ᠦᠭᠡᠷᠡᠴᠢᠯᠡᠯᠳᠡ ᠨᠡᠭᠡᠭᠡᠯᠳᠡ ᠶᠢᠨ ᠭᠤᠴᠢᠨ ᠵᠢᠯ ᠤᠨ ᠮᠤᠩᠭᠤᠯ ᠬᠠᠷᠢᠴᠠᠭᠤᠯᠤᠭᠰᠠᠨ ᠤᠳᠬ᠎ᠠ  ᠵᠤᠬᠢᠶᠠᠯ ᠤᠨ  ᠰᠤᠳᠤᠯᠭᠠᠨ ‍ᠤ‌ᠠᠮᠵᠢᠯᠳᠠ ᠪᠠ ᠤᠷᠤᠰᠢᠵᠤ ᠪᠠᠶᠢᠭ᠎ᠠ ᠠᠰᠠᠭᠤᠳᠠᠯ︾᠂ ︽ᠮᠤᠩᠭᠤᠯ ᠪᠢᠴᠢᠭ ᠤᠨ ᠤᠷᠠᠨ ᠵᠤᠬᠢᠶᠠᠯ  ᠪᠤᠯᠤᠨ  ᠠᠮᠠᠨ  ᠵᠤᠬᠢᠶᠠᠯ ‍ᠤᠨ‌ᠬᠠᠷᠢᠴᠠᠭᠠᠨ ᠤ ᠲᠤᠬᠠᠢ ᠴ᠊ · ᠳᠠᠮᠳᠢᠨᠰᠦ᠋ᠷᠦᠩ ᠤᠨ ᠦᠭᠦᠯᠡᠯᠳᠡ︾᠂ ︽ᠬᠤᠨ ᠳᠠᠬᠢᠨᠢ ᠶᠢᠨ ᠦᠯᠢᠭᠡᠷ ᠤᠨ ᠰᠤᠳᠤᠯᠤᠯ  ᠬᠢᠭᠡᠳ‌‍ᠴ᠊ · ᠳᠠᠮᠳᠢᠨᠰᠦ᠋ᠷᠦᠩ ᠤᠨ  ᠬᠠᠷᠢᠴᠠᠭᠤᠯᠤᠭᠰᠠᠨ  ᠤᠳᠬ᠎ᠠ  ᠵᠤᠬᠢᠶᠠᠯ ᠤᠨ  ᠦᠵᠡᠯ  ᠰᠠᠨᠠᠭ᠎ᠠ︾  ᠵᠡᠷᠭᠡ  ᠠᠷᠪᠠᠨ  ᠭᠤᠷᠪᠠᠨ‌ᠦᠭᠦᠯᠡᠯ ᠳᠤ  ᠬᠠᠷᠢᠴᠠᠭᠤᠯᠤᠭᠰᠠᠨ  ᠤᠳᠬ᠎ᠠ  ᠵᠤᠬᠢᠶᠠᠯ ᠤᠨ  ᠠᠷᠭ᠎ᠠ ᠶᠢ  ᠬᠡᠷᠡᠭᠯᠡᠵᠦ᠂   ᠮᠤᠩᠭᠤᠯ   ᠤᠷᠠᠨ   ᠵᠤᠬᠢᠶᠠᠯ ‍ᠤᠨ‌‍ᠲ᠋ᠡᠤᠭᠡᠨ ᠳᠠᠬᠢ ᠬᠠᠷᠢᠴᠠᠭᠤᠯᠤᠭᠰᠠᠨ ᠤᠷᠠᠨ ᠵᠤᠬᠢᠶᠠᠯ ᠤᠨ ᠠᠷᠭ᠎ᠠ ᠶᠢ ᠨᠤᠳᠠᠯᠠᠵᠤ  ᠲᠠᠶᠢᠯᠪᠤᠷᠢᠯᠠᠭᠰᠠᠨ  ᠪᠠᠶᠢᠳᠠᠭ᠃  ᠡᠭᠦᠨ ᠡᠴᠠ‌ᠭᠠᠳᠠᠨ᠎ᠠ ᠪᠠᠰᠠ ᠬᠠᠮᠲᠤᠷᠠᠯᠴᠠᠭᠠᠨ ᠤ ᠠᠷᠭ᠎ᠠ ᠬᠠᠷᠠᠭᠳᠠᠵᠤ ᠪᠠᠶᠢᠳᠠᠭ᠃ ︽ᠭᠠᠭᠴᠠ ᠬᠦᠮᠦᠨ ᠠᠶᠢᠯ  ᠪᠤᠯᠬᠤ  ᠦᠭᠡᠢ᠂  ᠭᠠᠭᠴᠠ‌ᠮᠤᠳᠤ  ᠭᠠᠯ  ᠪᠤᠯᠬᠤ  ᠦᠭᠡᠢ︾  ᠭᠡᠳᠡᠭᠴᠢᠯᠡᠨ  ᠨᠢᠭᠡ  ᠬᠦᠮᠦᠨ ᠤ  ᠢᠪᠴᠤᠤ  ᠮᠡᠳᠡᠯᠭᠡ ᠶᠢᠨ   ᠬᠦᠷᠢᠶ᠎ᠡ   ᠬᠡᠪᠴᠢᠶ᠎ᠡ ᠪᠠᠨ‌ᠬᠠᠮᠲᠤᠷᠠᠯᠴᠠᠭ᠎ᠠ ᠪᠠᠷ ᠢᠯᠠᠨ ᠳᠠᠪᠠᠵᠤ᠂ ︽ᠳᠡᠮ ᠳᠡᠮ ᠳᠤ ᠪᠠᠨ︾ ᠪᠤᠯᠵᠤ ᠴᠢᠳᠠᠵᠠᠢ᠃ ᠳᠤᠯᠠᠭᠠᠨ ᠫᠷᠤᠹᠧᠰᠰᠤᠷ ︽ᠢᠯ ᠬᠠᠭᠠᠨᠲᠤ‌ᠤᠯᠤᠰ ᠤᠨ ᠮᠦᠡᠭᠭᠦᠨ ᠵᠤᠭᠤᠰᠤᠨ ᠤ ᠤᠶᠢᠭᠤᠷᠵᠢᠨ ᠮᠤᠩᠭᠤᠯ ᠪᠢᠴᠢᠭ ᠤᠨ ᠰᠤᠳᠤᠯᠤᠯ︾ ᠬᠡᠬᠦ  ᠦᠬᠦᠯᠡᠯ ᠢ  ᠪᠢᠴᠢᠬᠦ ᠳᠤ ᠪᠠᠨ‌ᠦᠪᠡᠷ ᠤᠨ ᠳᠠᠪᠠᠭᠤᠯᠢᠭ ᠲᠠᠯ᠎ᠠ ᠪᠤᠯᠤᠭᠰᠠᠨ ᠮᠤᠩᠭᠤᠯ ᠬᠡᠯᠡ ᠦᠰᠦᠭ ᠪᠢᠴᠢᠭ ᠲᠤ ᠪᠠᠨ ᠰᠠᠭᠤᠷᠢᠯᠠᠨ᠂  ᠦᠪᠡᠷ ᠤᠨ  ᠪᠠᠭᠤᠷᠠᠢ‌‍ᠲ᠋ᠠᠯ᠎ᠠ ᠪᠤᠯᠬᠤ ᠬᠠᠷᠢ ᠬᠡᠯᠡᠡ ᠤ ᠠᠰᠠᠭᠤᠳᠠᠯ ᠢ ᠬᠠᠮᠳᠤᠷᠠᠯᠴᠠᠭᠠᠨ ᠤ ᠠᠷᠭ᠎ᠠ ᠪᠠᠷ ᠢᠯᠠᠨ ᠳᠠᠪᠠᠭᠰᠠᠨ ᠨᠢ ᠮᠠᠨ ᠳᠤ  ᠶᠡᠭᠤ  ᠨᠢᠭᠡ ᠶᠢ ᠰᠠᠨᠠᠭᠳᠠᠭᠤᠯᠤᠨ᠎ᠠ᠃       ᠶᠠᠮᠠᠷ ᠨᠢᠭᠡᠨ ᠵᠦᠢᠯ ᠢ ᠲᠤᠩᠭᠠᠨ ᠪᠤᠳᠤᠵᠤ᠂ ᠠᠷᠢᠭᠤᠳᠬᠠᠨ ᠵᠦᠭᠰᠢᠷᠡᠬᠦᠯᠵᠤ᠂ ᠳᠡᠰ ᠳᠠᠪᠰᠢᠬᠦ ᠳᠤ  ᠬᠦᠷᠭᠡᠪᠡᠯ  ᠰᠠᠶ᠋ᠢ‌‍ᠰᠢᠨ᠎ᠡ ᠦᠨᠳᠦᠷᠴᠡ ᠳᠤ ᠬᠦᠷᠳᠡᠭ᠃ ᠡᠶᠢᠮᠦ ᠠᠴᠠ ᠰᠢᠨ᠎ᠡ ᠦᠨᠳᠦᠷᠴᠡ ᠶᠢ ᠡᠷᠢᠯᠬᠢᠯᠡᠬᠦ ᠪᠤᠯ  ᠶᠠᠮᠠᠷᠪᠠ  ᠶᠠᠭᠤᠮᠠᠨ ᠤ  ᠬᠠᠷᠠᠯᠳᠠ‌ᠮᠦ᠋ᠨ᠃ ᠡᠭᠦᠨ ᠳᠤ ᠰᠢᠨ᠎ᠡ ᠦᠨᠳᠦᠷᠴᠡ ᠨᠢ ᠬᠠᠮᠤᠭ ᠤᠨ ᠦᠨᠳᠦᠰᠦᠨ  ᠵᠦᠢᠯ ᠳᠤ  ᠪᠠᠲᠦ  ᠰᠠᠭᠤᠷᠢᠯᠠᠭᠳᠠᠨ  ᠦᠨᠳᠦᠰᠦᠵᠢᠨ‌ᠨᠠᠬᠢᠶᠠᠯᠠᠪᠠᠯ ᠰᠠᠶ᠋ᠢ ᠰᠢᠨ᠎ᠡ ᠦᠰᠦᠷᠦᠯᠳᠡ ᠶᠢ ᠪᠡᠶᠡᠯᠡᠬᠦᠯᠵᠤ ᠰᠢᠨ᠎ᠡ ᠳᠠᠪᠠᠯᠳᠠ ᠳᠤ ᠬᠦᠷᠳᠡᠭ᠃ ᠡᠬᠦᠨ ᠲᠠᠢ ᠠᠳᠠᠯᠢ ᠪᠠᠷ ᠤᠳᠬ᠎ᠠ‌ᠵᠤᠬᠢᠶᠠᠯ ᠤᠨ ᠪᠦᠲᠦᠭᠡᠯ ᠨᠦᠭᠦᠳ ᠢ ᠨᠠᠷᠢᠨ ᠰᠤᠳᠤᠯᠵᠤ ᠰᠤᠷᠤᠯᠴᠠᠨ᠂ ᠨᠢᠮᠪᠠᠢ ᠤᠨᠤᠯᠵᠢᠭᠤᠯᠤᠨ  ᠰᠢᠰᠲ᠋ᠧᠮᠵᠢᠬᠦᠯᠬᠦ ᠨᠢ  ᠤᠨᠴᠠ‌‍ᠴᠢᠬᠤᠯᠠ ᠶᠤᠮ᠃         ᠲᠤᠰ ᠨᠤᠮ ᠤᠨ ᠦᠬᠦᠯᠡᠯ ᠨᠦᠭᠦᠳ ᠨᠢ ᠰᠤᠳᠤᠯᠭᠠᠨ ᠤ ᠦᠷᠭᠡᠨ ᠬᠠᠷᠠᠭ᠎ᠠ ᠪᠠ ᠤᠯᠠᠮᠵᠢᠯᠠᠯ ᠬᠡᠮᠡᠬᠦ ᠦᠨᠳᠦᠰᠦᠯᠡᠯ ᠳ᠋ᠤ᠋‌‍ᠰᠠᠭᠤᠷᠢᠯᠠᠨ᠂  ᠦᠪᠡᠷ ᠤᠨ  ᠦᠪᠡᠷᠮᠢᠴᠡ  ᠤᠨᠴᠠᠯᠢᠭ  ᠪᠦᠬᠦᠢ  ᠪᠠᠷᠢᠮᠳᠠᠯᠠᠯ ᠢᠶᠠᠷ ᠢᠶᠠᠨ   ᠰᠤᠳᠤᠯᠭᠠᠨ ᠤ   ᠦᠨᠳᠦᠷᠴᠡ ᠵᠢ‌ᠠᠬᠢᠭᠤᠯᠵᠤ᠂ ᠠᠷᠢᠭᠤᠳᠬᠠᠨ ᠵᠦᠭᠰᠢᠷᠡᠭᠦᠯᠵᠤ᠂ ᠰᠢᠨᠡᠴᠢᠯᠡᠯ ᠳᠤ ᠬᠦᠷᠦᠭᠰᠡᠨ ᠪᠠᠶᠢᠳᠠᠭ᠃        ᠳᠤᠯᠠᠭᠠᠨ ᠫᠷᠤᠹᠧᠰᠰᠤᠷ ᠠᠴᠠ ︽ᠮᠤᠩᠭᠤᠯ ᠠᠮᠠᠨ ᠵᠤᠬᠢᠶᠠᠯ ᠤᠨ ᠬᠠᠷᠢᠴᠠᠭᠤᠯᠤᠭᠰᠠᠨ ᠰᠤᠳᠤᠯᠤᠯ︾ ᠨᠤᠮ ᠳᠠᠭᠠᠨ  ᠪᠢ︽ᠰᠢᠳᠢᠲᠦ ᠭᠡᠬᠦᠷ ᠤᠨ ᠦᠯᠢᠭᠡᠷ︾᠂ ︽ᠮᠤᠯᠤᠨ ᠲᠦᠢᠨ ᠡᠬᠡ ᠶᠢᠨ ᠠᠴᠢ ᠬᠠᠷᠢᠭᠤᠯᠤᠭᠰᠠᠨ ᠰᠤᠳᠤᠷ︾ ᠵᠡᠷᠭᠡ ᠶᠢ ᠪᠦᠷ ᠴ᠊ ·ᠳᠠᠮᠳᠢᠨᠰᠦ᠋ᠷᠦᠩ ᠤᠨ ᠬᠠᠷᠢᠴᠠᠭᠤᠯᠤᠭᠰᠠᠨ ᠰᠤᠳᠤᠯᠭᠠᠨ ᠤ ᠰᠠᠭᠤᠷᠢᠨ ᠳᠡᠭᠡᠷ᠎ᠡ ᠤᠷᠤᠭᠰᠢ ᠠᠬᠢᠭᠤᠯᠤᠨ ᠰᠢᠨᠵᠢᠯᠡᠭᠰᠡᠨ  ᠪᠠᠶᠢᠳᠠᠭ᠃ᠡᠭᠦᠨ ᠢᠶᠠᠷ ᠪᠠᠷᠠᠬᠤ ᠦᠭᠡᠢ ︽᠁ ᠠᠷᠪᠠᠨ ᠬᠡᠳᠦᠨ ᠵᠢᠯ᠁ ᠤᠨ ᠰᠤᠳᠤᠯᠭᠠᠨ ᠤ ᠪᠦᠲᠦᠭᠡᠯ ᠤᠳ ᠢ ᠭᠠᠷ ᠠᠴᠠ ᠪᠠᠨ ᠰᠠᠯᠭᠠᠯ‌ᠦᠭᠡᠢ ᠤᠡᠭᠰᠢᠨ ᠰᠡᠳᠬᠢᠵᠤ᠂ ᠴ᠊ · ᠳᠠᠮᠳᠢᠨᠰᠦ᠋ᠷᠦᠩ ᠤᠨ ᠬᠠᠷᠢᠴᠠᠭᠤᠯᠤᠭᠰᠠᠨ ᠤᠳᠬ᠎ᠠ  ᠵᠤᠬᠢᠶᠠᠯ ᠤᠨ  ᠦᠵᠡᠯ  ᠰᠠᠨᠠᠭ᠎ᠠ ᠵᠢ‌ᠦᠨᠡᠯᠡᠵᠤ  ᠰᠢᠭᠦᠮᠵᠢᠯᠡᠬᠦ  ᠠᠰᠠᠭᠤᠳᠠᠯ ᠢ ᠪᠤᠳᠤᠯᠬᠢᠯᠠᠭᠰᠠᠭᠠᠷ ᠢᠷᠡᠭᠰᠡᠨ  ᠶᠤᠮ᠁︾   ᠬᠡᠬᠦ   ᠮᠡᠲᠦᠴᠢᠯᠡᠨ   ᠦᠪᠡᠷ ‍ᠤᠨ‌ᠬᠠᠷᠢᠴᠠᠭᠤᠯᠤᠭᠰᠠᠨ ᠤᠳᠬ᠎ᠠ  ᠵᠤᠬᠢᠶᠠᠯ ᠤᠨ  ᠲᠤᠬᠠᠢ  ᠤᠶᠢᠯᠠᠭᠠᠯᠳᠠ  ᠲᠦᠷᠦᠭᠳᠡᠯ᠂  ᠦᠢᠯᠡ  ᠠᠵᠢᠯᠯᠠᠭ᠎ᠠ ᠪᠠᠨ  ᠳᠦᠭᠦᠮᠬᠡᠨ‌‍ᠳᠦ᠋ᠡᠭᠨᠡᠵᠤ᠂ ᠮᠤᠩᠭᠤᠯ ᠤᠷᠠᠨ ᠵᠤᠬᠢᠶᠠᠯ ᠨᠢ ᠦᠭᠡᠷᠡᠴᠢᠯᠡᠯᠲᠡ ᠨᠡᠭᠡᠭᠡᠯᠳᠡ ᠶᠢᠨ ᠭᠤᠴᠢᠨ ᠵᠢᠯ ᠳᠤ ᠦᠪᠡᠷ ᠤᠨ ᠤᠨᠴᠠᠯᠢᠭ ᠪᠦᠬᠦᠢ‌ᠬᠠᠷᠢᠴᠠᠭᠤᠯᠤᠭᠰᠠᠨ ᠤᠷᠠᠨ ᠵᠤᠬᠢᠶᠠᠯ ᠤᠨ ᠴᠢᠬᠤᠯᠠ ᠠᠮᠵᠢᠯᠳᠠ ᠳᠤ ᠬᠦᠷᠦᠭᠰᠡᠨ ᠢ  ︽ᠮᠤᠩᠭᠤᠯ  ᠬᠠᠷᠢᠴᠠᠭᠤᠯᠤᠭᠰᠠᠨ  ᠤᠳᠬ᠎ᠠ‌ᠵᠤᠬᠢᠶᠠᠯ︾ ᠬᠡᠮᠡᠨ ᠨᠡᠷᠡᠯᠡᠭᠰᠡᠨ ᠪᠠᠶᠢᠳᠠᠭ᠃ ᠡᠨᠡ ᠪᠤᠯ ᠳᠠᠷᠤᠢ ᠨᠢᠭᠡᠨ ᠳᠡᠰ ᠳᠠᠪᠰᠢᠯᠳᠠ  ᠪᠠᠶᠢᠵᠤ  ᠰᠢᠨᠡᠴᠢᠯᠡᠯ ᠳᠤ  ᠬᠦᠷᠦᠭᠰᠡᠨ ᠪᠤᠳᠠᠳᠤ ᠵᠢᠱᠢᠶ᠎ᠡ  ᠮᠦᠨ᠃  ᠤᠴᠢᠷ ᠨᠢ  ᠤᠷᠢᠳᠤᠬᠢ  ᠬᠦᠮᠦᠰ ᠤᠨ  ᠰᠤᠳᠤᠯᠭᠠᠨ ᠳᠤ  ᠰᠠᠭᠤᠷᠢᠯᠠᠨ  ᠳᠠᠬᠢᠨ  ᠠᠷᠢᠭᠤᠳᠬᠠᠨ‌ᠵᠦ᠋ᠭᠰᠢᠷᠡᠬᠦᠯᠬᠦ ᠨᠢ ᠮᠡᠨ ᠤ  ᠤᠳᠤᠬᠠᠨ ᠤ  ᠰᠤᠳᠤᠯᠭᠠᠨ ᠤ  ᠬᠦᠷᠢᠶ᠎ᠠ  ᠬᠡᠪᠴᠢᠶ᠎ᠡ ᠶᠢ  ᠦᠷᠭᠡᠳᠬᠡᠨ᠂  ᠰᠤᠳᠤᠯᠭᠠᠨ ᠤ  ᠴᠡᠭ ᠢ‌‍ᠬᠦ᠋ᠨᠵᠡᠭᠡᠶᠢᠷᠡᠭᠦᠯᠵᠤ ᠴᠢᠳᠠᠬᠤ ᠪᠠᠷ ᠪᠠᠷᠠᠬᠤ  ᠦᠭᠡᠢ  ᠮᠤᠩᠭᠤᠯ  ᠦᠨᠳᠦᠰᠦᠲᠡᠨ ᠤ  ᠤᠨᠤᠯ  ᠦᠬᠦᠯᠡᠬᠦᠢ ᠶᠢᠨ  ᠴᠤᠭᠴᠠᠯᠠᠯ ᠳ᠋ᠤ᠋‌ᠤᠮᠳᠤᠭᠠᠶᠢᠯᠠᠵᠤ ᠪᠤᠯᠤᠰᠢ ᠦᠭᠡᠢ ᠴᠢᠬᠤᠯᠠ ᠦᠢᠯᠡᠳᠦᠯ ᠲᠠᠢ᠃ 
ᠢᠷᠡᠯᠲᠡ᠄ ᠠᠷᠠᠳ ᠤᠨ ᠰᠦᠯᠵᠢᠶ᠎ᠡ