ᠡᠶᠢᠮᠦ ᠸᠢᠷᠦ᠋ᠰ ᠲᠤ ᠬᠠᠯᠳᠠᠪᠤᠷᠢᠯᠠᠭᠳᠠᠭᠰᠠᠳ ᠢᠯᠡᠷᠬᠡᠶ ᠨᠡᠮᠡᠭᠳᠡᠵᠦ ᠪᠠᠶᠢᠨ᠎ᠠ︕
ᠨᠡᠶᠢᠲᠡᠯᠡᠭᠰᠡᠨ ᠴᠠᠭ᠄
2023/5/29
        5 ᠰᠠᠷ᠎ᠠ ᠶᠢᠨ 24 ᠤ ᠡᠳᠦᠷ᠂ ᠾᠧᠨᠠᠨ ᠮᠤᠵᠢ ᠶᠢᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠤᠨ ᠬᠢᠨ᠄ ᠣᠶᠢᠷ᠎ᠠ ᠳᠤ ᠠᠮᠢᠰᠬᠤᠯ ᠤᠨ ᠵᠠᠮ ᠤᠨ ᠨᠡᠶᠢᠯᠡᠮᠡᠯ ᠡᠰᠳᠦ ᠸᠢᠷᠦ᠋ᠰ  ᠳᠡᠯᠭᠡᠷᠡᠵᠦ  ᠪᠠᠶᠢᠨ᠎ᠠ᠂  ᠰᠠᠭᠤᠭᠠᠯᠢ  ᠠᠷᠠᠳ  ᠤᠳ  ᠡᠳᠦᠷ ᠲᠤᠲᠤᠮ ᠤᠨ ᠰᠡᠷᠭᠡᠶᠢᠯᠡᠯᠳᠡ ᠪᠠᠨ ᠰᠠᠶᠢᠲᠤᠷ ᠬᠢᠬᠦ ᠬᠡᠷᠡᠭᠲᠡᠶ ᠬᠡᠰᠡᠨ ᠡᠷᠡᠭᠦᠯ ᠮᠡᠨᠳᠦ ᠶᠢᠨ ᠰᠠᠨᠠᠭᠤᠯᠤᠮᠵᠢ ᠨᠡᠶᠢᠲᠡᠯᠡᠪᠡ᠃                ᠡᠪᠡᠳᠴᠢᠨ ᠡᠮᠭᠡᠭ ᠢ  ᠰᠡᠷᠭᠡᠶᠢᠯᠡᠨ  ᠡᠵᠡᠮᠳᠡᠬᠦ  ᠲᠤᠰᠬᠠᠶ  ᠮᠡᠷᠭᠡᠵᠢᠯᠲᠡᠨ  ᠬᠡᠯᠡᠬᠦ ᠳᠡᠭᠡᠨ᠂  ᠠᠮᠢᠰᠬᠤᠯ ᠤᠨ  ᠵᠠᠮ ᠤᠨ ᠨᠡᠶᠢᠯᠡᠮᠡᠯ ᠡᠰᠳᠦ ᠸᠢᠷᠦ᠋ᠰ ᠪᠣᠯ ᠠᠮᠢᠰᠬᠤᠯ ᠤᠨ ᠵᠠᠮ ᠤᠨ ᠬᠠᠯᠳᠠᠪᠤᠷᠢᠯᠠᠯ ᠢ ᠡᠭᠦᠰᠭᠡᠬᠦ‍ ᠨᠢᠭᠡ ᠵᠦᠢᠯ ᠤᠨ ᠨᠡᠶᠢᠯᠡᠮᠡᠯ ᠡᠰᠳᠦ  ᠪᠡᠶ᠎ᠡ ᠪᠦᠬᠦᠢ RNA ᠸᠢᠷᠦ᠋ᠰ ᠮᠥᠨ᠂ ᠲᠡᠷᠡ ᠨᠢ ᠳᠡᠳ᠋ ᠨᠢᠯᠴᠠᠭᠠᠶ ᠸᠢᠷᠦ᠋ᠰ ᠤᠨ ᠢᠵᠠᠭᠤᠷ ︵paramyxoviridae︶᠂ ᠠᠭᠤᠰᠬᠢᠨ ᠸᠢᠷᠦ᠋ᠰ ᠤᠨ ᠲᠥᠷᠥᠯ ︵pneumovirus︶ ᠲᠤ ᠬᠠᠷᠢᠶᠠᠯᠠᠭᠳᠠᠬᠤ ᠪᠦᠭᠡᠳ ᠨᠢᠯᠬ᠎ᠠ ᠬᠡᠦᠬᠡᠳ ᠤᠨ ᠠᠭᠤᠰᠬᠢᠨ ᠦᠷᠪᠢᠰᠦᠯ ᠵᠢᠴᠢ ᠨᠠᠷᠢᠨ ᠰᠠᠯᠪᠤᠷᠢ ᠮᠥᠭᠡᠷᠰᠦᠨ ᠬᠤᠭᠤᠯᠠᠶ ᠶᠢᠨ ᠦᠷᠪᠢᠰᠦᠯ᠂ ᠬᠡᠦᠬᠡᠳ ᠤᠨ ᠬᠠᠯᠠᠭᠤᠷᠠᠬᠤ ᠴᠢᠨᠠᠷᠲᠠᠶ  ᠰᠠᠯᠪᠤᠷᠢ ᠮᠥᠭᠡᠷᠰᠦᠨ ᠬᠤᠭᠤᠯᠠᠶ ᠶᠢᠨ ᠦᠷᠪᠢᠰᠦᠯ ᠢ ᠡᠭᠦᠰᠭᠡᠬᠦ ᠪᠠᠶᠢᠩᠭᠤ ᠲᠣᠬᠢᠶᠠᠯᠳᠤᠳᠠᠭ ᠡᠪᠡᠳᠴᠢᠨ  ᠡᠭᠦᠰᠭᠡᠭᠴᠢ  ᠮᠥᠨ᠂  ᠪᠠᠰᠠ ᠨᠡᠯᠢᠶᠡᠳ ᠶᠡᠭᠡ  ᠬᠡᠦᠬᠡᠳ  ᠪᠠ  ᠨᠠᠰᠤᠨ ᠳᠤ  ᠬᠦᠷᠦᠭᠰᠡᠳ  ᠲᠤ  ᠬᠠᠮᠠᠷ ᠤᠨ  ᠦᠷᠪᠢᠰᠦᠯ᠂ ᠡᠩ ᠤᠨ ᠬᠢᠮᠤᠷᠠᠭ᠎ᠠ ᠵᠡᠷᠭᠡ ᠡᠪᠡᠳᠴᠢᠨ ᠤ ᠢᠯᠡᠷᠡᠯ ᠰᠢᠨᠵᠢ ᠪᠠᠷ ᠢᠯᠡᠷᠡᠳᠡᠭ᠃                ᠠᠮᠢᠰᠬᠤᠯ ᠤᠨ ᠵᠠᠮ ᠤᠨ ᠨᠡᠶᠢᠯᠡᠮᠡᠯ ᠡᠰᠳᠦ ᠸᠢᠷᠦ᠋ᠰ ᠤᠨ ᠣᠯᠠᠩᠬᠢ ᠨᠢ ᠡᠪᠦᠯ ᠤᠨ ᠤᠯᠠᠷᠢᠯ ᠪᠠ ᠬᠠᠪᠤᠷ  ᠤᠨ  ᠡᠭᠢᠨ ᠳᠤ ᠳᠡᠯᠭᠡᠷᠡᠵᠦ᠂ ᠡᠯ᠎ᠡ ᠨᠠᠰᠤᠨ ᠤ ᠬᠥᠮᠦᠰ ᠲᠤ ᠪᠦᠷ ᠬᠠᠯᠳᠠᠪᠤᠷᠢᠯᠠᠳᠠᠭ᠂ ᠡᠨᠡ ᠡᠪᠡᠳᠴᠢᠨ ᠨᠢ ᠬᠡᠦᠬᠡᠳ᠂ ᠨᠠᠰᠤᠲᠠᠶᠢᠴᠤᠳ ᠪᠠ ᠡᠭᠡᠯᠢᠯᠡᠭᠡ ᠶᠢᠨ ᠴᠢᠳᠠᠪᠤᠷᠢ ᠪᠠᠷ ᠠᠨᠠᠶ ᠬᠥᠮᠦᠰ ᠲᠤ ᠠᠪᠴᠤ ᠬᠡᠯᠡᠪᠡᠯ ᠲᠦᠭᠰᠢᠬᠦᠷᠢ ᠶᠡᠬᠡᠳᠡᠢ ᠪᠠᠶᠢᠵᠤ᠂ ︽ᠡᠪᠦᠯ ᠤᠨ ᠤᠯᠠᠷᠢᠯ ᠤᠨ ᠨᠢᠯᠬ᠎ᠠ ᠬᠡᠦᠬᠡᠳ ᠤᠨ ᠶᠠᠷᠭᠠᠴᠢᠨ︾ ᠬᠡᠮᠡᠭᠳᠡᠵᠡᠢ᠃                ᠠᠮᠢᠰᠬᠤᠯ ᠤᠨ ᠵᠠᠮ ᠤᠨ ᠨᠡᠶᠢᠯᠡᠮᠡᠯ ᠡᠰᠳᠦ ᠸᠢᠷᠦ᠋ᠰ ᠨᠢ ᠬᠠᠨᠢᠶᠠᠬᠤ ᠪᠤᠶᠤ ᠨᠠᠶᠢᠲᠠᠭᠠᠭᠰᠠᠨ ᠤ   ᠳᠠᠷᠠᠭ᠎ᠠ ᠢᠯᠭᠠᠷᠠᠭᠤᠯᠤᠭᠰᠠᠨ ᠰᠢᠯᠦᠰᠦ ᠪᠠᠷ ᠳᠡᠮᠵᠢᠨ ᠬᠠᠯᠳᠠᠪᠤᠷᠢᠯᠠᠳᠠᠭ᠂ ᠪᠠᠰᠠ  ᠨᠢᠳᠦ᠂  ᠠᠮᠠ ᠬᠠᠮᠠᠷ ᠤᠨ  ᠰᠠᠯᠢᠰᠤᠲᠤ ᠪᠦᠷᠬᠦᠪᠴᠢ ᠸᠢᠷᠦ᠋ᠰ ᠠᠭᠤᠯᠤᠭᠰᠠᠨ ᠱᠦᠭᠦᠷᠡᠳᠡᠰᠦ ᠪᠤᠶᠤ ᠪᠣᠬᠢᠷᠲᠤᠯ ᠪᠣᠳᠠᠰ ᠲᠠᠢ ᠬᠦᠷᠦᠯᠴᠡᠬᠦ ᠪᠠᠷ  ᠳᠡᠮᠵᠢᠨ  ᠬᠥᠮᠦᠨ  ᠲᠥᠷᠥᠯᠬᠢᠲᠡᠨ ᠳᠤ ᠬᠠᠯᠳᠠᠪᠤᠷᠢᠯᠠᠳᠠᠭ᠃                ᠠᠮᠢᠰᠬᠤᠯ ᠤᠨ ᠵᠠᠮ ᠤᠨ ᠨᠡᠶᠢᠯᠡᠮᠡᠯ ᠡᠰᠳᠦ ᠸᠢᠷᠦ᠋ᠰ ᠤᠨ ᠨᠢᠭᠤᠭᠳᠠᠮᠠᠯ ᠬᠤᠭᠤᠴᠠᠭ᠎ᠠ ᠨᠢ ᠶᠡᠷᠦ ᠳᠡᠭᠡᠨ 2 — 8 ᠡᠳᠦᠷ ᠪᠠᠶᠢᠵᠤ᠂ ᠪᠡᠶ᠎ᠡ ᠶᠢᠨ ᠭᠠᠳᠠᠨ᠎ᠠ 1 — 3  ᠭᠠᠷᠠᠭ ᠦᠷᠭᠦᠯᠵᠢᠯᠡᠨ ᠬᠤᠤᠷ  ᠭᠠᠳᠠᠭᠰᠢᠯᠠᠭᠤᠯᠳᠠᠭ᠃  ᠡᠬᠢᠨ ᠤ ᠦᠶ᠎ᠡ ᠳᠤ ᠣᠯᠠᠩᠬᠢ ᠨᠢ ᠳᠡᠭᠡᠳᠦ ᠠᠮᠢᠰᠬᠤᠯ ᠤᠨ ᠵᠠᠮ ᠢᠶᠠᠷ ᠯᠠ ᠬᠠᠯᠳᠠᠪᠤᠷᠢᠯᠠᠵᠤ᠂ ᠬᠠᠮᠠᠷ ᠪᠥᠭᠯᠡᠷᠡᠬᠦ᠂ ᠨᠢᠰᠤ ᠭᠤᠭᠤᠵᠢᠬᠤ᠂ ᠬᠠᠨᠢᠶᠠᠬᠤ ᠪᠠ ᠳᠠᠭᠤ ᠰᠥᠭᠡᠩᠭᠢ ᠪᠣᠯᠬᠤ ᠵᠡᠷᠭᠡ ᠳᠡᠭᠡᠳᠦ ᠠᠮᠢᠰᠬᠤᠯ ᠤᠨ ᠵᠠᠮ ᠤᠨ ᠡᠪᠡᠳᠴᠢᠨ ᠤ ᠢᠯᠡᠷᠡᠯ ᠲᠠᠢ ᠪᠠᠶᠢᠳᠠᠭ᠃        ᠣᠯᠠᠩᠬᠢ ᠡᠪᠡᠳᠴᠢᠲᠡᠨ ᠤ ᠡᠪᠡᠳᠴᠢᠨ ᠤ ᠢᠯᠡᠷᠡᠯ ᠨᠢ 1 — 2  ᠭᠠᠷᠠᠭ ᠤᠨ  ᠳᠣᠲᠣᠷ᠎ᠠ  ᠠᠶᠠᠨᠳᠠᠭᠠᠨ  ᠠᠷᠢᠯᠵᠤ᠂ ᠴᠥᠭᠡᠨ ᠲᠤᠭᠠᠨ ᠤ ᠡᠪᠡᠳᠴᠢᠲᠡᠨ ᠨᠢ ᠳᠣᠣᠷᠠᠳᠤ ᠠᠮᠢᠰᠬᠤᠯ ᠤᠨ ᠵᠠᠮ ᠤᠨ ᠬᠠᠯᠳᠠᠪᠤᠷᠢᠯᠠᠯ ︵ᠬᠢᠯᠭᠠᠰᠤᠨ ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ ᠪᠤᠶᠤ ᠠᠭᠤᠰᠬᠢᠨ ᠦᠷᠪᠢᠰᠦᠯ︶ ᠪᠣᠯᠤᠨ ᠬᠥᠭᠵᠢᠵᠦ᠂ ᠪᠠᠭ᠎ᠠ ᠨᠠᠰᠤᠨ ᠤ ᠨᠢᠯᠬ᠎ᠠ ᠬᠡᠦᠬᠡᠳ ᠲᠤ ᠣᠯᠠᠨ ᠲᠣᠬᠢᠶᠠᠯᠳᠤᠳᠠᠭ᠂ ᠡᠮᠴᠢᠯᠡᠭᠡᠨ ᠤ  ᠡᠪᠡᠳᠴᠢᠨ ᠤ  ᠢᠯᠡᠷᠡᠯ  ᠰᠢᠨᠵᠢ  ᠨᠢ  ᠬᠠᠨᠢᠶᠠᠬᠤ  ᠪᠠ  ᠠᠮᠢᠰᠬᠤᠭᠠᠳᠠᠬᠤ  ᠪᠠᠶᠢᠳᠠᠯ ᠭᠠᠷᠳᠠᠭ᠃ ᠲᠦᠢᠯ ᠤᠨ ᠴᠥᠭᠡᠨ ᠲᠣᠭᠠᠨ ᠤ ᠡᠪᠡᠳᠴᠢᠲᠡᠨ ᠤ ᠡᠪᠡᠳᠴᠢᠨ ᠤ  ᠪᠠᠶᠢᠳᠠᠯ  ᠨᠢ  ᠨᠠᠯᠢᠶᠠᠳ  ᠬᠦᠨᠳᠦ  ᠪᠠᠶᠢᠵᠤ᠂ ᠠᠮᠢᠰᠬᠤᠯ ᠲᠦᠷᠭᠡᠰᠬᠦ ᠪᠠ ᠬᠦᠬᠦᠬᠦ ᠳᠤ ᠬᠦᠴᠢᠷᠳᠡᠬᠦ ᠵᠡᠷᠭᠡ ᠪᠠᠶᠢᠳᠠᠯ ᠢᠯᠡᠷᠡᠵᠦ᠂ ᠨᠡᠩ ᠬᠦᠨᠳᠦ ᠨᠣᠴᠢᠲᠠᠢ ᠨᠢ  ᠠᠮᠢᠰᠬᠤᠯ ᠤᠨ ᠳᠣᠷᠦ᠋ᠢᠲᠠᠯ ᠪᠣᠯᠵᠤ᠂ ᠠᠮᠢᠰᠬᠤᠯ ᠤᠨ ᠰᠢᠰᠲ᠋ᠧᠮ ᠤᠨ ᠭᠠᠳᠠᠷ ᠡᠷᠬᠡᠲᠡᠨ ᠢ ᠨᠦᠯᠦᠭᠡᠯᠡᠬᠦ ᠶᠢᠨ ᠤᠯᠠᠮ ᠢᠶᠠᠷ ᠠᠮᠢ  ᠨᠠᠰᠤ  ᠶᠢ  ᠨᠢ ᠠᠯᠳᠠᠭᠤᠯᠬᠤ ᠳᠤ ᠬᠦᠷᠦᠬᠦᠯᠳᠡᠭ᠃                                
ᠢᠷᠡᠯᠲᠡ᠄ ᠠᠷᠠᠳ ᠤᠨ ᠰᠦᠯᠵᠢᠶ᠎ᠡ