ᠵᠤᠨ ᠤ ᠤᠯᠠᠷᠢᠯ ᠳᠤ ᠲᠠᠮᠢᠷ ᠤᠨ ᠬᠦᠳᠡᠯᠬᠡᠬᠡᠨ ᠬᠢᠬᠦ ᠳᠤ ᠠᠩᠬᠠᠷᠬᠤ ᠴᠢᠬᠤᠯᠠᠳᠠᠢ ᠵᠦᠢᠯᠡᠰ
ᠨᠡᠶᠢᠲᠡᠯᠡᠭᠰᠡᠨ ᠴᠠᠭ᠄
2023/5/29
        ᠲᠤᠬᠢᠷᠠᠮᠵᠢᠳᠡᠢ ᠴᠠᠭ ᠢ ᠰᠤᠩᠭᠤᠬᠤ ᠬᠡᠷᠡᠭᠳᠡᠢ        ᠦᠷᠯᠦᠭᠡ ᠪᠠᠶ᠎ᠠ ᠶᠢᠨ ᠲᠠᠮᠢᠷ ᠤᠨ ᠬᠦᠳᠡᠯᠬᠡᠬᠡᠨ ᠬᠢᠬᠦ ᠬᠠᠮᠤᠭ ᠤᠨ ᠲᠤᠬᠢᠷᠠᠮᠵᠢᠳᠠᠢ ᠴᠠᠭ ᠪᠤᠯ ᠡᠷᠳᠡ ᠶᠢᠨ ᠨᠠᠢᠮᠠᠨ ᠴᠠᠭ ᠤᠨ ᠤᠷᠴᠢᠮ ᠶᠤᠮ᠃ ᠬᠡᠳᠦ ᠡᠷᠳᠡ ᠲᠠᠮᠢᠷ ᠤᠨ ᠬᠦᠳᠡᠯᠬᠡᠬᠡᠨ ᠬᠢᠪᠡᠯ ᠬᠦᠮᠦᠨ ᠤ ᠪᠡᠶ᠎ᠡ ᠶᠢᠨ ᠹᠢᠽᠢᠦᠯᠤᠬᠢ ᠶᠢᠨ ᠠᠵᠢᠯᠯᠠᠭ᠎ᠠ ᠪᠦᠷᠢᠮᠦᠰᠦᠨ ᠰᠡᠷᠬᠦᠬᠡ ᠦᠬᠡᠢ ᠪᠤᠯᠬᠤᠷ ᠠᠮᠠᠷᠬᠠᠨ ᠬᠡᠮᠳᠦᠳᠡᠭ᠃ ᠦᠳᠡ ᠳᠤ ᠨᠠᠷᠠᠨ ᠤ ᠬᠡᠷᠡᠯ ᠬᠤᠷᠴᠠ᠂ ᠬᠦᠷᠢᠨ ᠤ ᠭᠠᠳᠠᠨᠠᠬᠢ ᠲᠤᠶᠠᠭ᠎ᠠ ᠴᠢᠩᠭ᠎ᠠ ᠪᠤᠯᠬᠤᠷ ᠠᠮᠠᠷᠬᠠᠨ ᠨᠠᠷᠠᠰᠢᠳᠠᠭ᠃ ᠰᠦᠨᠢ ᠪᠤᠯᠬᠤ ᠳᠤ ᠮᠠᠰᠢᠨ ᠲᠡᠷᠬᠡᠨ ᠤ ᠬᠠᠶᠠᠭᠳᠠᠮᠠᠯ ᠬᠡᠢ ᠶᠢᠨ ᠨᠢᠭᠳᠠᠴᠠ ᠶᠡᠭᠡ ᠪᠤᠯᠬᠤᠷ ᠠᠭᠠᠷ ᠪᠤᠬᠢᠷᠳᠤᠨ ᠲᠠᠮᠢᠷ ᠤᠨ ᠬᠦᠳᠡᠯᠬᠡᠬᠡᠨ ᠬᠢᠬᠦ ᠳᠤ ᠠᠰᠢᠭ ᠦᠬᠡᠢ᠃        ᠪᠠᠶ᠎ᠠ ᠶᠢᠨ ᠪᠠᠶᠢᠳᠠᠯ ᠢᠶᠠᠨ ᠦᠨᠳᠦᠰᠦᠯᠡᠨ ᠪᠤᠯᠪᠠᠰᠤᠷᠠᠯ ᠤᠨ ᠬᠦᠴᠦᠯᠡᠴᠡ ᠪᠠᠨ ᠵᠤᠬᠢᠰᠳᠠᠢ ᠲᠤᠬᠢᠷᠠᠭᠤᠯᠬᠤ ᠬᠡᠷᠡᠭᠳᠡᠢ        ᠵᠤᠨ ᠤ ᠤᠯᠠᠷᠢᠯ ᠳᠤ ᠬᠦᠯᠦᠰᠤ ᠭᠠᠷᠬᠤ ᠬᠡᠮᠵᠢᠶ᠎ᠡ ᠶᠡᠭᠡ᠂ ᠤᠷᠳᠤ ᠬᠤᠭᠤᠴᠠᠭ᠎ᠠ ᠪᠠᠷ ᠶᠡᠭᠡ ᠬᠦᠴᠦᠯᠠᠴᠡ ᠲᠠᠢ ᠪᠤᠯᠪᠠᠰᠤᠷᠠᠯ ᠬᠢᠬᠦ ᠨᠢ ᠪᠡᠶ᠎ᠡ ᠮᠠᠬᠠᠪᠤᠳ ᠤᠨ ᠤᠰᠤ ᠶᠢ ᠮᠠᠰᠢ ᠲᠦᠷᠬᠡᠨ ᠢᠶᠠᠷ ᠭᠠᠳᠠᠭᠰᠢᠯᠠᠭᠤᠯᠵᠤ᠂ ᠤᠰᠤ ᠠᠯᠳᠠᠭᠳᠠᠬᠤ ᠪᠤᠶᠤ ᠨᠠᠷᠠᠰᠢᠭᠤᠯᠳᠠᠭ᠃ ᠬᠠᠮᠤᠭ ᠤᠨ ᠰᠡᠶᠢᠨ ᠨᠢ ᠬᠦᠴᠢᠯᠳᠦ᠋ᠷᠦᠭᠴᠢᠳᠤ ᠬᠦᠳᠡᠯᠬᠡᠬᠡᠨ ᠪᠠ ᠬᠦᠴᠢᠯᠳᠦ᠋ᠷᠦᠭᠴᠢ ᠦᠬᠡᠢ ᠬᠦᠳᠡᠯᠬᠡᠬᠡᠨ ᠢ ᠤᠶᠠᠯᠳᠤᠭᠤᠯᠵᠤ᠂ ᠲᠠᠭᠠᠤ ᠳᠤᠨᠢ ᠠᠮᠢᠰᠬᠤᠵᠤ ᠠᠮᠠᠷᠠᠬᠤ ᠪᠠᠨ ᠵᠤᠬᠢᠰᠳᠠᠢ ᠲᠡᠩᠴᠡᠬᠦᠯᠬᠦ ᠬᠡᠷᠡᠭᠳᠡᠢ᠃        ᠬᠦᠢᠴᠡᠳ ᠤᠰᠤ ᠨᠦᠬᠦᠪᠦᠷᠢᠯᠡᠬᠦ ᠶᠢ ᠠᠩᠬᠠᠷᠬᠤ ᠬᠡᠷᠡᠭᠳᠡᠢ        ᠵᠤᠨ ᠤ ᠤᠯᠠᠷᠢᠯ ᠳᠤ ᠪᠠᠶ᠎ᠠ ᠶᠢᠨ ᠢᠯᠴᠢ ᠶᠢᠨ ᠬᠡᠮᠵᠢᠶ᠎ᠡ ᠦᠨᠳᠦᠷ᠂  ᠬᠦᠯᠦᠰᠤ ᠠᠷᠪᠢᠨ ᠭᠠᠷᠬᠤ ᠤᠴᠢᠷ ᠠᠴᠠ ᠬᠦᠳᠡᠯᠬᠡᠬᠡᠨ ᠬᠢᠬᠦ ᠳᠡᠭᠡᠨ ᠡᠷᠬᠡᠪᠰᠢ ᠴᠠᠭ ᠲᠤᠬᠠᠢ ᠳᠤᠨᠢ ᠤᠰᠤ ᠨᠦᠬᠦᠪᠦᠷᠢᠯᠡᠬᠦ ᠬᠡᠷᠡᠭᠳᠡᠢ᠃ ᠤᠬᠤᠷᠬᠠᠨ ᠬᠤᠭᠤᠴᠠᠭᠠᠨ ᠤ ᠲᠤᠲᠤᠷ᠎ᠠ ᠶᠡᠭᠡ ᠬᠡᠮᠵᠢᠶ᠎ᠡ ᠪᠠᠷ ᠤᠰᠤ ᠤᠤᠭᠤᠵᠤ ᠪᠤᠯᠬᠤ ᠦᠬᠡᠢ᠂ ᠢᠡᠭᠭᠢᠪᠡᠯ ᠴᠢᠰᠤᠨ ᠤ ᠡᠷᠬᠢᠯᠳᠡ ᠶᠢᠨ ᠰᠢᠰᠲ᠋ᠧᠮ᠂ ᠰᠢᠩᠭᠡᠭᠡᠯᠳᠡ ᠶᠢᠨ ᠰᠢᠰᠲ᠋ᠧᠮ᠂ ᠢᠯᠠᠩᠭᠤᠶ᠎ᠠ ᠵᠢᠷᠦᠬᠡᠨ ᠤ ᠲᠠᠷᠤᠭᠠᠰᠤ ᠶᠢ ᠬᠦᠨᠳᠦᠷᠡᠭᠦᠯᠦᠨ᠎ᠡ᠃
ᠢᠷᠡᠯᠲᠡ᠄ ᠤᠷᠳᠤᠰ ᠤᠨ ᠡᠳᠤᠷ ᠤᠨ ᠰᠤᠨᠢᠨ