ᠦᠭᠡ : ᠰ᠊᠂ ᠰᠠᠷᠠᠰᠤᠷᠭᠡ | ᠠᠶ᠎ᠡ : ᠦᠨᠡᠰᠡᠴᠡᠨ | | | ᠨᠠᠷᠠᠨ ᠳᠤ ᠬᠥᠯᠬᠦᠭᠳᠡᠭᠰᠡᠨ ᠡᠯᠢᠭᠡᠨ ᠴᠢᠯᠠᠭᠤᠳ ᠨᠢ | ᠨᠠᠢᠮᠠᠨ ᠵᠦᠭ ᠤᠨ ᠠᠮᠢᠰᠬᠤᠯ ᠲᠠᠢ | ᠰᠠᠷ᠎ᠠ ᠬᠤᠷᠭᠤᠳᠠᠭᠰᠠᠨ ᠰᠠᠷᠢᠳᠠᠭ ᠣᠷᠣᠢ ᠨᠢ | ᠰᠠᠷᠠᠭᠤᠯ ᠠᠯᠤᠰ ᠤᠨ ᠬᠠᠷᠠᠭ᠎ᠠ ᠲᠠᠢ | | | | ᠲᠠᠶᠢᠪᠤᠩ ᠰᠡᠭᠦᠶᠢᠬᠦ ᠰᠢᠲᠦᠭᠡᠨ ᠬᠠᠶᠢᠷᠬᠠᠨ ᠮᠢᠨᠢ | ᠲᠠᠩᠰᠤᠭ ᠠᠮᠤᠭᠤᠯᠠᠩ ᠳᠦᠷᠢ ᠲᠠᠢ | ᠳᠠᠯᠮᠢᠶᠠ ᠤᠷᠤᠰᠬᠠᠯ ᠲᠠᠢ ᠲᠤᠩᠭᠠᠯᠠᠭ ᠭᠤᠣᠯ ᠤᠳ ᠨᠢ | ᠬᠠᠶᠢᠷ᠎ᠠ ᠶᠢᠨ ᠨᠢᠭᠤᠴᠠᠬᠠᠨ ᠰᠢᠪᠠᠨᠡᠭᠡ ᠲᠠᠢ | ᠰᠦᠷᠯᠢᠭ ᠬᠤᠯᠠ ᠶᠢᠨ ᠴᠡᠩᠬᠡᠷ ᠪᠡᠶ᠎ᠡ ᠨᠢ | ᠰᠦᠯᠳᠡ ᠬᠡᠶᠢᠮᠦᠷᠢᠲᠦ ᠥᠭᠡᠷᠴᠢᠨ ᠣᠪᠣᠭ᠎ᠠ | ᠵᠢᠪᠬᠤᠯᠠᠩᠲᠤ ᠲᠡᠦᠬᠡ ᠪᠠᠨ ᠬᠤᠷᠸ᠎ᠠ ᠳᠤ ᠮᠥᠩᠬᠡᠯᠡᠭᠰᠡᠨ | ᠵᠢᠷᠭᠠᠯ ᠬᠤᠷᠣᠶᠢᠯᠠᠭᠰᠠᠨ ᠥᠯᠥᠭᠡᠢ ᠨᠤᠲᠤᠭ ᠮᠢᠨᠢ | | | | ᠥᠳᠬᠡᠨ ᠮᠠᠨᠠᠨ ᠲᠠᠢ ᠵᠢᠯᠭ᠎ᠠ ᠶᠢᠨ ᠰᠢᠭᠤᠢ ᠨᠢ | ᠦᠷᠢᠯ ᠮᠣᠶᠢᠯ ᠤᠨ ᠤᠶᠠᠩᠭ᠎ᠠ ᠲᠠᠢ | ᠥᠩᠭᠡ ᠶᠢᠨ ᠴᠡᠴᠡᠭ ᠲᠠᠢ ᠬᠤᠷᠮᠣᠢ ᠪᠠᠯ ᠨᠢ | ᠥᠨᠢᠷ ᠰᠦᠷᠦᠭ ᠤᠨ ᠪᠡᠯᠴᠢᠭᠡᠷ ᠲᠠᠢ | ᠰᠦᠷᠯᠢᠭ ᠬᠤᠯᠠ ᠶᠢᠨ ᠴᠡᠩᠬᠡᠷ ᠪᠡᠷ᠎ᠡ | ᠰᠦᠯᠳᠡ ᠬᠡᠶᠢᠮᠦᠷᠢᠲᠦ ᠥᠭᠡᠷᠴᠢᠨ ᠣᠪᠣᠭ᠎ᠠ ᠮᠢᠨᠢ | ᠵᠢᠪᠬᠤᠯᠠᠩᠲᠤ ᠲᠡᠦᠬᠡ ᠪᠠᠨ ᠬᠤᠷᠸ᠎ᠠ ᠳᠤ ᠮᠥᠩᠬᠡᠯᠡᠭᠰᠡᠨ | ᠵᠢᠷᠭᠠᠯ ᠬᠤᠷᠣᠶᠢᠯᠠᠭᠰᠠᠨ ᠥᠯᠥᠭᠡᠢ ᠨᠤᠲᠤᠭ ᠮᠢᠨᠢ | ᠰᠦᠷᠯᠢᠭ ᠬᠤᠯᠠ ᠶᠢᠨ ᠴᠡᠩᠬᠡᠷ ᠪᠡᠶ᠎ᠡ | ᠰᠦᠯᠳᠡ ᠬᠡᠶᠢᠮᠦᠷᠢᠲᠦ ᠥᠭᠡᠷᠴᠢᠨ ᠣᠪᠣᠭ᠎ᠠ ᠮᠢᠨᠢ | ᠵᠢᠪᠬᠤᠯᠠᠩᠲᠤ ᠲᠡᠦᠬᠡ ᠪᠠᠨ ᠬᠤᠷᠸ᠎ᠠ ᠳᠤ ᠮᠥᠩᠬᠡᠯᠡᠭᠰᠡᠨ | ᠵᠢᠷᠭᠠᠯ ᠬᠤᠷᠣᠶᠢᠯᠠᠭᠰᠠᠨ ᠥᠯᠥᠭᠡᠢ ᠨᠤᠲᠤᠭ ᠮᠢᠨᠢ | | | |