ᠠᠯᠲᠠᠨ ᠰᠢᠷᠭᠠᠯ ᠵᠠᠯᠠᠭᠤ ᠨᠠᠰᠤ
ᠨᠡᠶᠢᠲᠡᠯᠡᠭᠰᠡᠨ ᠴᠠᠭ᠄
2023/5/23
          ᠵᠠᠯᠠᠭᠤᠴᠤᠳ ᠪᠤᠯ ᠠᠵᠤ ᠠᠮᠢᠳᠤᠷᠠᠯ ᠤᠨ ᠵᠢᠩᠭᠢᠨᠢ ᠬᠠᠭᠠᠨ᠂ ᠦᠭᠡᠳᠡᠷᠬᠡᠭ ᠠᠮᠢᠳᠤᠷᠠᠯ ᠤᠨ ᠤᠷᠢᠬᠠᠨ ᠬᠠᠪᠤᠷ᠂ ᠪᠦᠬᠦᠶᠢᠯᠡ ᠤᠯᠠᠭᠠᠨ ᠲᠤᠭᠤᠰᠤᠳᠤ ᠠᠮᠢᠳᠤᠷᠠᠯ ᠲᠤᠮᠳᠠᠬᠢ ᠤᠭᠢ ᠲᠠᠯᠠᠰᠳᠤ ᠮᠦᠨ᠃ ᠬᠦᠮᠦᠰ ᠶᠡᠷᠦ ᠠᠴᠠ ᠵᠠᠯᠠᠭᠤ ᠨᠠᠰᠤ ᠶᠢ ᠴᠡᠴᠡᠭ ᠬᠤᠸᠠᠷ ᠮᠡᠳᠦ ᠭᠤᠸ᠎ᠠ ᠰᠠᠶᠢᠬᠠᠨ᠂ ᠰᠢᠵᠢᠷ ᠠᠯᠳᠠ ᠰᠢᠭ ᠡᠷᠬᠢᠮ ᠨᠠᠨᠳᠢᠨ ᠭᠡᠵᠤ ᠦᠵᠡᠳᠡᠭ᠃ ᠤᠴᠢᠷ ᠨᠢ ᠵᠠᠯᠠᠭᠤ ᠨᠠᠰᠤ ᠪᠤᠯ ᠠᠮᠢᠵᠢᠷᠠᠯ ᠤᠨ ᠬᠦᠴᠦᠨ ᠪᠠᠳᠠᠷᠠᠵᠤ᠂ ᠬᠢᠵᠠᠭᠠᠷ ᠦᠭᠡᠢ ᠬᠦᠰᠡᠯ ᠡᠷᠡᠮᠡᠯᠵᠡᠯ ᠳᠤ ᠲᠡᠮᠡᠥᠯᠤᠨ᠂ ᠮᠤᠬᠤᠰᠢ ᠦᠭᠡᠢ ᠢᠳᠡ ᠴᠢᠳᠠᠯ ᠡᠷᠴᠢᠯᠡᠭᠰᠡᠨ ᠦᠶ᠎ᠡ ᠶᠤᠮ᠃ ᠭᠡᠶ᠎ᠡ ᠵᠠᠯᠠᠭᠤ ᠨᠠᠰᠤ ᠨᠢ ᠰᠢᠳᠡᠨ ᠲᠦᠷᠡᠯᠵᠡᠵᠤ ᠭᠡᠷᠡᠯ ᠰᠠᠴᠤᠷᠠᠵᠤ ᠮᠡᠳᠡᠬᠦ ᠪᠦᠭᠡᠳ ᠪᠠᠰᠠ ᠰᠢᠷᠠᠯᠠᠨ ᠵᠤᠯᠭᠠᠷᠠᠵᠤ ᠦᠩᠭᠡ ᠨᠢ ᠪᠠᠭᠤᠷᠠᠬᠤ ᠴᠤ ᠮᠠᠭᠠᠳ ᠦᠭᠡᠢ᠃          ᠵᠠᠯᠠᠭᠤ ᠨᠠᠰᠤ ᠡᠨᠡ ᠪᠡᠶ᠎ᠡ ᠳᠤ ᠭᠠᠭᠴᠠ᠂ ᠡᠳᠦᠷ ᠤᠨ ᠴᠢᠨᠡᠭᠡᠨ ᠳᠤ ᠦᠷᠯᠣᠭᠡ ᠬᠤᠶᠠᠷ ᠦᠭᠡᠢ᠂ ᠨᠠᠨᠳᠢᠨ ᠴᠠᠭ ᠢ ᠵᠠᠪᠳᠤᠨ ᠡᠰᠡ ᠴᠢᠳᠠᠪᠠᠰᠤ ᠨᠠᠰᠤ ᠵᠢᠯ ᠭᠡᠭᠴᠢ ᠬᠦᠮᠦᠨ ᠢ ᠤᠭᠳᠤᠬᠠᠨ ᠴᠤ ᠬᠦᠯᠢᠶᠡᠬᠦ ᠦᠭᠡᠢ ᠶᠤᠮ᠃ ᠲᠡᠥᠬᠡᠨ ᠲᠡᠭᠡᠷᠡᠬᠢ ᠮᠠᠰᠢ ᠤᠯᠠᠨ ᠡᠷᠳᠡᠮᠳᠡᠨ ᠮᠡᠷᠭᠡᠳ ᠵᠠᠯᠠᠭᠤ ᠨᠠᠰᠤᠨ ᠳᠠᠭᠠᠨ ᠰᠢᠷᠭᠠᠭᠤ ᠬᠠᠳᠠᠭᠤᠵᠢᠯᠳᠠᠢ ᠪᠠᠷ ᠴᠢᠷᠮᠠᠶᠢᠨ ᠰᠤᠷᠤᠯᠴᠠᠵᠤ᠂ ᠤᠷᠴᠢᠨ ᠲᠤᠭᠤᠷᠢᠨ ᠲᠠᠢ ᠪᠠᠨ ᠵᠤᠬᠢᠴᠠᠵᠤ᠂ ᠠᠯᠢᠪᠠ ᠬᠠᠷᠰᠢ ᠰᠠᠭᠠᠳ ᠲᠠᠢ ᠡᠷᠡᠰ ᠬᠠᠳᠠᠭᠤ ᠲᠡᠮᠡᠴᠡᠵᠤ᠂ ᠰᠦᠰᠦ ᠵᠤᠷᠢᠭ ᠲᠠᠢ ᠴᠢᠷᠮᠠᠶᠢᠵᠤ᠂ ᠮᠡᠳᠡᠯᠭᠡ ᠶᠢ ᠲᠠᠯᠠᠢ ᠠᠴᠠ ᠠᠮᠢ ᠨᠠᠰᠤᠨ ᠤ ᠮᠤᠳᠤ ᠪᠠᠨ ᠮᠦᠩᠬᠡ ᠨᠤᠭᠤᠭᠠᠷᠠᠭᠤᠯᠬᠤ ᠰᠢᠮ᠎ᠡ ᠲᠡᠵᠢᠭᠡᠯ ᠢ ᠲᠠᠰᠤᠷᠠᠯᠳᠠ ᠦᠭᠡᠢ ᠬᠦᠷᠳᠡᠵᠤ᠂ ᠬᠢᠵᠠᠭᠠᠯᠠᠰᠢ ᠦᠭᠡᠢ ᠮᠠᠬᠠᠷᠠᠨ ᠵᠢᠳᠭᠦᠵᠤ ᠪᠠᠶᠢᠳᠠᠭ ᠠᠴᠠ ᠡᠴᠦᠰ ᠲᠡᠭᠡᠨ ᠭᠡᠷᠡᠯ ᠰᠠᠴᠤᠷᠠᠩᠭᠤᠢ ᠵᠠᠮ ᠢ ᠨᠡᠬᠡᠭᠡᠵᠤ᠂ ᠲᠦᠭ ᠲᠦᠮᠡᠨ ᠡᠷᠡᠯᠬᠡᠭᠯᠡᠨ ᠴᠢᠷᠮᠠᠶᠢᠭᠰᠠᠳ ᠤᠨ ᠢᠶᠠᠨ ᠲᠤᠮᠳᠠ ᠬᠤᠰᠢᠭᠤᠷᠠᠨ ᠭᠠᠷᠴᠤ᠂ ᠵᠠᠯᠠᠭᠤ ᠨᠠᠰᠤᠨ ᠤ ᠪᠠᠨ ᠭᠡᠷᠡᠯ ᠰᠠᠴᠤᠷᠠᠩᠭᠤᠢ ᠲᠠᠭᠤᠯᠠᠯ ᠢᠶᠠᠨ ᠪᠢᠴᠢᠭᠯᠡᠭᠰᠡᠨ ᠶᠤᠮ᠃          ᠵᠠᠯᠠᠭᠤᠴᠤᠳ ᠢᠮᠠᠭᠳᠠ ᠢᠷᠡᠭᠡᠳᠦᠢ ᠵᠦᠭ ᠲᠡᠭᠡᠨ ᠲᠡᠮᠡᠥᠯᠳᠡᠭ᠃ ᠭᠡᠬᠦ ᠳᠡᠭᠡᠨ ︽ᠠᠪᠤ ᠶᠢ ᠬᠥᠥ ᠠᠳᠠᠯᠢ ᠥᠭᠡᠢ᠂ ᠠᠷᠪᠠᠨ ᠬᠤᠷᠤᠭᠤ ᠲᠡᠭᠰᠢ ᠥᠭᠡᠢ︾ ᠭᠡᠳᠡᠭᠴᠢᠯᠡᠨ ᠵᠠᠷᠢᠮ ᠨᠢ ᠤᠬᠠᠮᠰᠠᠷ ᠠᠴᠠ ᠪᠠᠨ ᠢᠷᠡᠭᠡᠳᠦᠢ ᠲᠡᠶᠢᠰᠢ ᠲᠡᠮᠡᠥᠯᠬᠦ ᠳᠤ ᠵᠠᠷᠢᠮ ᠨᠢ ᠬᠠᠷᠢᠨ ᠲᠡᠥᠬᠡᠨ ᠬᠦᠷᠳᠦ ᠶᠢ ᠡᠷᠭᠢᠯᠳᠡ ᠳᠤ ᠲᠦᠯᠬᠢᠭᠳᠡᠨ ᠵᠠᠶᠢᠯᠠᠨ ᠶᠠᠪᠤᠳᠠᠭ᠃ ᠵᠠᠯᠠᠭᠤᠴᠤᠳ ᠮᠢᠨᠢ᠂ ᠤᠳᠤᠬᠠᠨ ᠤ ᠲᠤᠭᠠᠴᠢᠯᠠᠭᠰᠠᠨ ᠶᠢᠷᠳᠢᠨᠴᠤ ᠶᠢ ᠲᠤᠮᠳᠠ᠂ ᠮᠡᠳᠡᠯᠭᠡ ᠮᠡᠷᠭᠡᠵᠢᠯ᠂ ᠴᠢᠮᠡᠭᠡ ᠵᠠᠩᠭᠢ ᠨᠢᠰᠭᠦ ᠮᠡᠳᠦ ᠲᠦᠷᠭᠡᠨ ᠬᠦᠭᠵᠢᠵᠦ ᠪᠠᠶᠢᠭ᠎ᠠ ᠰᠢᠨ᠎ᠡ ᠡᠷᠢᠨ ᠤ ᠪᠤᠯᠪᠠᠰᠤᠨ ᠰᠠᠶᠢᠬᠠᠨ ᠴᠠᠭ ᠲᠤᠬᠢᠶᠠᠯ ᠢ ᠡᠵᠡᠮᠳᠡᠨ ᠠᠪᠴᠤ᠂ ᠮᠡᠷᠡᠶᠢᠨ ᠴᠢᠷᠮᠠᠶᠢᠬᠤ ᠴᠢᠬᠤᠯᠠ ᠲᠠᠢ ᠶᠤᠮ᠃ ᠬᠦᠮᠦᠨ ᠳᠤ ᠮᠡᠳᠡᠯᠭᠡ ᠦᠭᠡᠢ ᠨᠢ ᠶᠠᠭ ᠯᠡ ᠰᠢᠪᠠᠭᠤᠨ ᠳᠤ ᠲᠠᠯᠠᠪᠴᠢ ᠦᠭᠡᠢ᠂ ᠴᠡᠴᠡᠭ ᠬᠤᠸᠠᠷ ᠨᠢ ᠲᠡᠵᠢᠭᠡᠯ ᠪᠤᠷᠳᠤᠭ᠎ᠠ ᠲᠤᠳᠠᠭᠳᠠᠵᠤ᠂ ᠠᠵᠢᠯ ᠬᠦᠳᠡᠯᠮᠦᠷᠢ ᠬᠢᠬᠦ ᠳᠤ ᠪᠠᠭᠠᠵᠢ ᠵᠡᠪᠰᠡᠭ ᠦᠭᠡᠢ ᠮᠡᠳᠦ ᠪᠢᠯᠡ᠃          ᠵᠠᠯᠠᠭᠤ ᠨᠠᠰᠦ ᠪᠤᠯ ᠮᠡᠳᠡᠯᠭᠡ ᠡᠵᠡᠮᠰᠢᠨ᠂ ᠤᠶᠤᠨ ᠪᠢᠯᠢᠭ ᠤᠨ ᠵᠢᠮᠢᠰ ᠢ ᠰᠠᠭᠤᠯᠭᠠᠬᠤ ᠠᠯᠳᠠᠨ ᠰᠢᠷᠭᠠᠯ ᠴᠠᠭ ᠦᠶ᠎ᠡ ᠮᠦᠨ᠂ ᠪᠠᠰᠠ ᠴᠤ ᠰᠤᠷᠴᠤ ᠡᠵᠡᠮᠰᠢᠭᠡᠳ ᠴᠢᠳᠠᠪᠤᠷᠢᠳᠠᠨ ᠪᠤᠯᠬᠤ ᠶᠢ ᠵᠠᠩᠭᠢᠯᠠᠭ᠎ᠠ ᠶᠢ ᠦᠶ᠎ᠡ ᠮᠦᠨ᠂ ᠡᠶᠢᠮᠦ ᠠᠴᠠ ᠵᠠᠯᠠᠭᠤ ᠨᠠᠰᠤᠨ ᠤ ᠴᠠᠭ ᠮᠦᠴᠡ ᠪᠤᠯ ᠠᠮᠢ ᠨᠠᠰᠤ ᠮᠦᠨ᠂ ᠵᠠᠯᠠᠭᠤᠴᠤᠳ ᠬᠡᠷᠪᠡ ᠰᠢᠨᠳᠠᠰᠤ ᠬᠠᠳᠠᠭᠤ᠂ ᠡᠷᠴᠢ ᠵᠤᠷᠢᠭ ᠢ ᠪᠠᠳᠠᠷᠠᠭᠤᠯᠤᠨ ᠴᠦᠬᠦᠷᠡᠰᠢ ᠦᠭᠡᠢ ᠴᠢᠷᠮᠠᠶᠢᠪᠠᠯ᠂ ᠴᠢᠨᠦ ᠦᠭᠡᠳᠡ ᠢᠯᠠᠯᠳᠠ ᠶᠢ ᠰᠠᠶᠢᠬᠠᠨ ᠤᠯᠠᠪᠦᠷ ᠴᠡᠴᠡᠭ ᠤᠳ ᠦᠩᠭᠡ ᠢᠯᠭᠠᠷᠠᠨ ᠲᠡᠯᠭᠡᠷᠡᠬᠦ ᠨᠢ ᠲᠠᠮᠵᠢᠭ ᠦᠭᠡᠢ᠃          ᠵᠠᠯᠠᠭᠤᠴᠤᠳ ᠮᠢᠨᠢ ᠪᠢᠲᠡᠬᠡᠢ ᠨᠢᠳᠤᠨ ᠡᠮᠦᠨᠡᠬᠢ ᠡᠳ᠋ ᠮᠦᠩᠭᠦ ᠬᠢᠭᠡᠳ ᠡᠷᠭᠡ ᠵᠡᠷᠭᠡ ᠳᠤ ᠬᠠᠷᠠᠭ᠎ᠠ ᠪᠠᠨ ᠲᠠᠯᠪᠢᠭᠠᠷᠠᠢ︕ ᠲᠠ ᠬᠡᠷᠪᠡ ᠴᠠᠭ ᠢ ᠠᠮᠵᠢᠨ᠂ ᠲᠤᠬᠢᠶᠠᠯ ᠢ ᠡᠵᠡᠮᠳᠡᠨ ᠢᠷᠡᠭᠡᠳᠦᠢ ᠶᠢ ᠰᠠᠶᠢᠨ ᠰᠠᠶᠢᠬᠠᠨ ᠦᠷ᠎ᠡ ᠶᠢ ᠴᠠᠭ ᠲᠤᠬᠠᠢ ᠳᠤᠨᠢ ᠰᠠᠴᠤᠬᠤ ᠶᠢ ᠲᠠᠭᠠᠥ ᠲᠡᠭᠦᠨ ᠢᠶᠠᠨ ᠬᠠᠮᠠᠭᠠᠯᠠᠨ ᠠᠷᠠᠴᠢᠯᠠᠬᠤ ᠦᠭᠡᠢ ᠶᠤᠮ ᠪᠤᠯ ᠪᠠᠶᠠᠨ ᠨᠠᠮᠤᠷ ᠤᠨ ᠡᠯᠪᠡᠭ ᠬᠤᠷᠢᠶᠠᠯᠳᠠ ᠭᠡᠵᠤ ᠪᠠᠶᠢᠬᠤ ᠦᠭᠡᠢ᠃ ᠠᠯᠳᠠ ᠠᠴᠠ ᠴᠤᠬᠠᠭ ᠵᠠᠯᠠᠭᠤ ᠨᠠᠰᠤ ᠪᠠᠨ ᠪᠢᠳᠡ ᠪᠦᠬᠦᠨ ᠬᠢᠮᠠᠭᠠᠳᠠᠵᠤ᠂ ᠬᠠᠶᠢᠷᠠᠯᠠᠵᠤ᠂ ᠨᠠᠨᠳᠢᠩᠨᠠᠵᠤ ᠶᠠᠪᠤᠵᠠᠭᠠᠶ᠎ᠠ︕ ᠠᠯᠳᠠ ᠠᠴᠠ ᠴᠤᠬᠠᠭ ᠴᠠᠭ ᠬᠤᠭᠤᠴᠠᠭ᠎ᠠ ᠪᠠᠨ ᠬᠠᠰᠢ ᠶᠠᠰᠢ ᠪᠠᠷ ᠦᠩᠭᠡᠷᠡᠭᠡᠪᠡᠯ ᠡᠴᠦᠰ ᠲᠡᠭᠡᠨ ᠬᠠᠷᠠᠮᠰᠠᠬᠤ ᠶᠢ ᠲᠦᠢᠯ ᠳᠤ ᠲᠤᠯᠵᠤ ᠂ ᠭᠠᠷ ᠨᠤᠬᠤᠯᠠᠨ ᠭᠠᠴᠢᠭᠳᠠᠬᠤ ᠶᠢ ᠲᠦᠢᠯ ᠳᠤ ᠬᠦᠷᠬᠦ ᠪᠤᠯᠤᠨ᠎ᠠ᠃          ᠰᠤᠷᠤᠭᠰᠠᠨ ᠮᠡᠳᠡᠯᠭᠡ ᠪᠠᠨ ᠭᠡᠷᠡᠭᠯᠡᠵᠤ᠂ ᠴᠡᠴᠡᠭᠯᠡᠨ ᠬᠦᠭᠵᠢᠭᠡ ᠡᠭᠡ ᠤᠯᠤᠰ ᠤᠨ ᠢᠶᠠᠨ ᠬᠠᠮᠳᠤ ᠶᠢ ᠠᠯᠤᠰ ᠢᠷᠡᠭᠡᠳᠦᠢ ᠶᠢ ᠰᠠᠷᠠᠭᠤᠯ ᠲᠠᠷᠳᠠᠩ ᠵᠠᠮ ᠲᠡᠭᠡᠷ᠎ᠡ ᠨᠡᠩ ᠦᠩᠭᠡ ᠢᠯᠭᠠᠷᠠᠮ᠎ᠠ ᠰᠤᠳᠤᠨ ᠰᠠᠶᠢᠬᠠᠨ ᠰᠢᠨ᠎ᠡ ᠵᠢᠷᠤᠭ ᠲᠦᠰᠦᠯ ᠢ ᠲᠦᠯᠣᠪᠯᠡᠨ ᠵᠤᠬᠢᠶᠠᠵᠤ᠂ ᠠᠯᠤᠰ ᠢᠷᠡᠭᠡᠳᠦᠢ ᠳᠡᠭᠡᠨ ᠪᠠᠳᠤ ᠢᠳᠡᠭᠡᠯ ᠲᠠᠢ᠂ ᠠᠯᠬᠤᠭ᠎ᠠ ᠨᠢᠭᠡᠳᠡᠢ ᠪᠠᠷ ᠭᠠᠷ ᠭᠠᠷ ᠢᠶᠠᠨ ᠬᠤᠯᠪᠤᠨ᠂ ᠡᠶ᠎ᠡ ᠵᠤᠬᠢᠴᠠᠩᠭᠤᠢ ᠪᠠᠷ ᠡᠬᠡ ᠤᠯᠤᠰ ᠤᠨ ᠢᠶᠠᠨ ᠬᠦᠭᠵᠢᠯ ᠴᠡᠴᠡᠭᠯᠡᠯᠳᠡ ᠳᠤ ᠬᠦᠭ ᠨᠡᠮᠡᠵᠦ᠂ ᠬᠤᠷᠳᠤᠨ ᠮᠤᠷᠢᠨ ᠳᠤ ᠲᠠᠰᠢᠭᠤᠷ ᠲᠠᠯᠪᠢᠨ᠂ ᠰᠢᠨ᠎ᠡ ᠡᠭᠦᠳᠦᠯᠳᠡ ᠭᠠᠷᠭᠠᠬᠤ ᠪᠠᠷ ᠴᠢᠷᠮᠠᠶᠢᠪᠠᠯ ᠵᠤᠬᠢᠨ᠎ᠠ᠃          ᠵᠠᠯᠠᠭᠤᠴᠤᠳ ᠮᠢᠨᠢ᠂ ᠪᠢᠳᠡ ᠦᠰᠦᠨ ᠤ ᠬᠠᠷ᠎ᠠ᠂ ᠰᠢᠳᠦᠨ ᠤ ᠴᠠᠭᠠᠨ ᠳᠠᠭᠠᠨ ᠪᠠᠶᠢᠬᠤ ᠴᠠᠭ ᠬᠤᠭᠤᠴᠠᠭ᠎ᠠ ᠶᠢᠨ ᠵᠢᠩᠭᠢᠨᠢ ᠡᠵᠡᠨ ᠨᠢ ᠪᠤᠯᠵᠤ᠂ ᠪᠤᠭᠤᠨᠢ ᠵᠢᠯᠤᠭᠤ ᠪᠤᠰᠤᠭ᠎ᠠ ᠲᠦᠷᠦᠭᠡᠨ ᠠᠴᠠ ᠠᠯᠤᠰ ᠢ ᠰᠠᠷᠠᠪᠴᠢᠯᠠᠨ᠂ ᠢᠷᠡᠭᠡᠳᠦᠢ ᠵᠦᠭ ᠮᠢᠨᠳᠠᠰᠤᠨ ᠵᠢᠯᠤᠭᠤ ᠪᠠᠨ ᠴᠢᠩᠭ᠎ᠠ ᠠᠳᠬᠤᠵᠤ᠂ ᠢᠯᠡᠭᠦᠬᠡᠨ ᠨᠤᠮ ᠤᠩᠰᠢᠵᠤ᠂ ᠮᠡᠳᠡᠯᠭᠡ ᠬᠤᠷᠠᠮᠳᠤᠭᠤᠯᠵᠤ᠂ ᠠᠯᠤᠰ ᠢᠷᠡᠭᠡᠳᠦᠢ ᠳᠡᠭᠡᠨ ᠢᠳᠡᠭᠡᠯ ᠲᠡᠭᠦᠯᠳᠡᠷ ᠢᠶᠠᠷ ᠡᠷᠡᠯᠬᠡᠭᠯᠡᠨ ᠤᠷᠤᠭᠰᠢᠯᠠᠵᠤ᠂ ᠬᠦᠰᠡᠯᠡᠩ ᠲᠠᠢ᠂ ᠶᠤᠰᠤ ᠮᠤᠷᠠᠯ ᠲᠠᠢ᠂ ᠪᠤᠯᠪᠠᠰᠤᠨ ᠰᠤᠷᠲᠠᠯ ᠲᠠᠢ᠂ ᠤᠶᠤᠨ ᠤᠬᠠᠭᠠᠨ ᠲᠠᠢ᠂ ᠰᠠᠬᠢᠯᠭ᠎ᠠ ᠪᠠᠳᠤ ᠲᠠᠢ᠂ ᠡᠬᠡ ᠤᠷᠤᠨ ᠳᠠᠭᠠᠨ ᠨᠡᠮᠡᠷᠢ ᠬᠠᠨᠳᠢᠪ ᠲᠠᠢ ᠴᠢᠳᠠᠪᠤᠷᠢᠳᠠᠨ ᠪᠤᠯᠬᠤ ᠪᠠᠷ ᠬᠠᠮᠳᠤ ᠪᠠᠷ ᠮᠦᠷᠦ ᠵᠡᠷᠭᠡᠴᠡᠨ ᠤᠷᠤᠭᠰᠢᠯᠠᠵᠠᠭᠠᠶ᠎ᠠ︕
ᠢᠷᠡᠯᠲᠡ᠄ ᠤᠷᠳᠤᠰ ᠤᠨ ᠡᠳᠤᠷ ᠤᠨ ᠰᠤᠨᠢᠨ