ᠭᠡᠤᠭᠡᠳ ᠢ ᠭᠦᠳᠡᠯᠮᠦᠷᠢ ᠳᠤ ᠤᠷᠤᠯᠴᠠᠭᠤᠯᠤᠶ᠎ᠠ
ᠨᠡᠶᠢᠲᠡᠯᠡᠭᠰᠡᠨ ᠴᠠᠭ᠄
2023/4/6
       ᠠᠶᠢᠯ ᠤᠨ ᠭᠠᠭᠴᠡ ᠭᠡᠤᠭᠡᠳ ᠪᠤᠯᠤᠨ ᠵᠠᠶᠠᠭᠠᠵᠤ᠂ ᠲᠡᠨᠢᠭᠦᠨ ᠲᠡᠪᠡᠳᠡᠢ ᠠᠮᠢᠳᠤᠷᠡᠯ ᠢ ᠡᠳ᠋ᠯᠡᠨ᠂ ᠠᠪᠤ ᠡᠵᠢ ᠶᠢᠨ ᠢᠶᠠᠨ ᠠᠯᠠᠭᠠᠨ ᠲᠡᠭᠡᠷ᠎ᠡ ᠡᠷᠭᠡᠯᠡᠵᠤ ᠪᠦᠪᠠᠶᠢᠯᠡᠭᠳᠡᠭᠰᠡᠨ ᠤᠳᠤ ᠴᠠᠭ ᠤᠨ ᠭᠡᠤᠭᠡᠳ ᠭᠦᠳᠡᠭᠡ ᠶᠢᠨ ᠬᠠᠷ᠎ᠡ ᠪᠤᠷᠤ ᠠᠮᠢᠳᠤᠷᠡᠯ ᠲᠠᠢ ᠤᠢᠢᠷᠠᠳᠬᠤ ᠶᠢ ᠪᠠᠶᠢᠳᠤᠭᠠᠢ ᠨᠠᠭᠠᠳᠤ ᠵᠠᠬ᠎ᠠ ᠶᠢᠨ ᠭᠡᠷ ᠤᠨ ᠠᠷᠰᠠᠷ ᠠᠵᠢᠯ ᠢ ᠭᠢᠭᠦ ᠨᠢ ᠴᠤ ᠴᠦᠭᠡᠨ ᠬᠠᠷᠠᠭᠳᠠᠬᠤ ᠪᠤᠯᠵᠡᠢ᠃ ︽ᠠᠩᠭᠠᠢᠢᠵᠤ ᠢᠳᠡᠭᠡᠳ ᠲᠠᠩᠭᠠᠢᠢᠵᠤ ᠭᠡᠪᠳᠡᠭᠦ︾ ᠠᠮᠢᠳᠤᠷᠡᠯ ᠢ ᠦᠡᠭᠭᠡᠷᠡᠭᠡᠭᠦ ᠨᠢ ᠤᠯᠡᠨ ᠪᠠᠶᠢᠬᠤ ᠰᠠᠨᠠᠭᠳᠠᠨ᠎ᠡ᠃        ᠨᠢᠳᠤᠨᠤᠨ᠂ ᠨᠠᠮ ᠤᠨ ᠲᠦᠪ ᠬᠤᠷᠢᠶ᠎ᠡ᠂ ᠲᠦᠷᠦ ᠶᠢᠨ ᠶᠠᠪᠤᠳᠡᠯ ᠤᠨ ᠬᠤᠷᠢᠶᠡᠨ ᠤ ᠨᠡᠶᠢᠳᠡᠯᠡᠭᠰᠡᠨ ︽ᠰᠢᠨ᠎ᠡ ᠴᠠᠭ ᠦᠶ᠎ᠡ ᠶᠢᠨ ᠲᠤᠮᠳᠠᠳᠤ ᠪᠠᠭ᠎ᠠ ᠰᠤᠷᠭᠠᠭᠤᠯᠢ ᠶᠢᠨ ᠭᠦᠳᠡᠯᠮᠦᠷᠢ ᠶᠢᠨ ᠭᠦᠮᠦᠵᠢᠯ ᠢ ᠪᠦᠭᠦ ᠲᠡᠯ᠎ᠡ ᠪᠠᠷ ᠴᠢᠩᠭᠠᠳᠬᠠᠬᠤ ᠲᠤᠬᠠᠢ ᠰᠠᠨᠠᠯ︾ ᠪᠡ ᠰᠤᠷᠭᠠᠨ ᠭᠦᠮᠦᠵᠢᠯ ᠤᠨ ᠶᠡᠮᠦᠨ ᠠᠴᠠ ᠲᠠᠷᠬᠠᠭᠠᠬᠰᠡᠨ ︽ᠶᠡᠭᠡ ᠲᠤᠮᠳᠠᠳᠤ ᠪᠠᠭ᠎ᠠ ᠰᠤᠷᠭᠠᠭᠤᠯᠢ ᠶᠢᠨ ᠭᠦᠳᠡᠯᠮᠦᠷᠢ ᠶᠢᠨ ᠭᠦᠮᠦᠵᠢᠯ ᠤᠨ ᠵᠢᠯᠤᠭᠤᠳᠬᠤ ᠭᠦᠳᠦᠯᠪᠤᠷᠢ ︵ᠲᠤᠷᠰᠢᠨ ᠭᠡᠷᠡᠭᠵᠢᠭᠦᠯᠭᠦ︶︾ ᠳᠤ ᠭᠦᠳᠡᠯᠮᠦᠷᠢ ᠪᠠᠷ ᠭᠤᠤᠯ ᠪᠤᠯᠭᠠᠨ᠂ ᠤᠶᠤᠨ ᠤ ᠭᠦᠳᠡᠯᠮᠦᠷᠢ ᠪᠡ ᠪᠠᠶ ᠎ᠡ ᠶᠢᠨ ᠭᠦᠳᠡᠯᠮᠦᠷᠢ ᠶᠢ ᠬᠠᠷᠢᠯᠴᠡᠨ ᠤᠶᠠᠯᠳᠤᠭᠤᠯᠬᠤ ᠭᠡᠷᠡᠭᠳᠡᠢ ᠭᠡᠵᠤ ᠲᠤᠳᠤᠷᠬᠠᠢ ᠲᠤᠬᠳᠠᠭᠠᠬᠰᠡᠨ ᠪᠠᠶᠢᠨ᠎ᠡ᠃ ᠡᠨᠡ ᠨᠢ ᠲᠦᠪ ᠠᠴᠠ ᠭᠠᠵᠠᠷ ᠤᠷᠤᠨ ᠤ ᠡᠯ᠎ᠡ ᠰᠠᠯᠠᠭ᠎ᠠ ᠮᠦᠴᠢᠷ ᠪᠤᠯᠳᠡᠯ᠎ᠡ ᠰᠤᠷᠤᠬᠴᠢᠳ ᠤᠨ ᠭᠦᠳᠡᠯᠮᠦᠷᠢ ᠶᠢᠨ ᠭᠦᠮᠦᠵᠢᠯ ᠢ ᠲᠦᠢᠯ ᠢᠶᠠᠷ ᠴᠢᠬᠤᠯᠠᠴᠢᠯᠡᠵᠤ ᠪᠠᠶᠢᠬᠤ ᠶᠢᠨ ᠪᠤᠳᠠᠳᠡᠢ ᠢᠯᠡᠷᠡᠯ ᠪᠤᠯᠬᠤ ᠶᠤᠮ᠃  ︽ᠠᠵᠢᠯ ᠭᠢᠵᠤ ᠭᠦᠮᠦᠨ ᠪᠤᠯᠳᠠᠭ᠂ ᠠᠭᠤᠯᠡ ᠲᠠᠪᠠᠵᠤ ᠭᠦᠯᠦᠭ ᠪᠤᠯᠳᠠᠭ︾ ᠭᠡᠳᠡᠭ ᠢᠶᠠᠷ᠂ ᠦᠨᠡᠨ ᠳᠡᠭᠡᠨ᠂ ᠲᠤᠭᠢᠷᠡᠮᠵᠢᠳᠡᠢ ᠭᠦᠳᠡᠯᠮᠦᠷᠢ ᠤᠨ ᠭᠦᠮᠦᠵᠢᠯ ᠨᠢ ᠭᠡᠤᠭᠡᠳ ᠲᠤ ᠭᠦᠳᠡᠯᠮᠦᠷᠢ ᠶᠢᠨ ᠤᠷ᠎ᠡ ᠲᠡᠮ ᠢ ᠡᠵᠡᠮᠰᠢᠭᠦᠯᠭᠦ ᠪᠠᠷ ᠪᠠᠷᠠᠬᠤ ᠦᠭᠡᠢ᠂ ᠨᠢᠳᠤ ᠨᠡᠭᠡᠭᠡᠷᠡᠭᠦᠯᠵᠤ᠂ ᠤᠶᠤᠨ ᠪᠢᠯᠢᠭ ᠢ ᠨᠢ ᠬᠤᠷᠴᠠᠯᠠᠵᠤ᠂ ᠭᠦᠳᠡᠯᠮᠦᠷᠢ ᠶᠢᠨ ᠪᠠᠶᠠᠷ ᠪᠠᠭ᠋ᠠᠳᠤᠯ ᠢ ᠡᠳ᠋ᠯᠡᠭᠦᠯᠳᠡᠭ᠃ ︽ᠭᠢᠴᠢᠶᠡᠯ ᠰᠤᠷᠤᠯᠭ᠎ᠠ ᠳᠠᠭᠠᠨ ᠰᠢᠮᠳᠡᠨ ᠰᠤᠷᠤᠯᠴᠡᠪᠡᠯ ᠪᠤᠯᠴᠢᠬᠠᠨ᠎ᠡ᠂ ᠠᠵᠢᠯ ᠭᠦᠳᠡᠯᠮᠦᠷᠢ ᠳᠤ ᠤᠷᠤᠯᠴᠠᠬᠰᠡᠨ ᠤ ᠤᠴᠢᠷ ᠶᠠᠭᠤᠨ︾ ᠭᠡᠳᠡᠭ ᠵᠠᠷᠢᠮ ᠭᠡᠷ ᠤᠨ ᠠᠬᠠᠮᠠᠳ ᠤᠨ ᠪᠤᠳᠤᠯ ᠲᠠᠢ ᠡᠷᠡᠰ ᠤᠨᠳᠤᠤ ᠦᠷ᠎ᠡ ᠳ᠋ᠦᠡᠭ ᠤᠯᠬᠤ ᠨᠢ ᠯᠠᠪᠳᠡᠢ᠃       ᠭᠦᠳᠡᠯᠮᠦᠷᠢ ᠶᠢᠨ ᠭᠦᠮᠦᠵᠢᠯ ᠨᠢ ᠲᠦᠭᠦᠮᠭᠡᠨ ᠲᠡᠳᠦᠢ ᠠᠵᠢᠯ ᠭᠢᠭᠦ ᠶᠢ ᠵᠢᠭᠠᠳᠠᠭ ᠤᠴᠢᠷ ᠪᠢᠰᠢ᠂ ᠬᠠᠷᠢᠨ ᠠᠯᠤᠰ ᠴᠠᠭᠠᠨ᠎ᠡ ᠪᠠᠨ ᠭᠦᠮᠦᠨ ᠤ ᠵᠠᠩ ᠴᠢᠨᠡᠷ ᠢ ᠲᠡᠪᠳᠡᠨ ᠪᠤᠯᠪᠠᠰᠤᠷᠠᠭᠤᠯᠬᠤ ᠪᠦᠳᠦᠮᠵᠢᠳᠡᠢ ᠠᠷᠭ᠎ᠠ ᠭᠡᠯᠪᠡᠷᠢ ᠪᠤᠯᠳᠠᠭ᠃ ᠠᠵᠢᠯ ᠭᠦᠳᠡᠯᠮᠦᠷᠢ ᠳᠤ ᠤᠷᠤᠯᠴᠠᠬᠤ ᠶᠠᠪᠤᠴᠡ ᠳᠠᠭᠠᠨ ᠤᠷᠤᠬᠰᠢᠯᠡᠨ ᠲᠡᠪᠰᠢᠬᠤ ᠦᠭᠡᠳᠡᠷᠭᠡᠭ ᠪᠤᠳᠤᠯ ᠤᠷᠤᠳᠠᠭ᠃ ᠭᠦᠴᠢᠷ ᠪᠡᠷᠭᠡ ᠠᠴᠠ ᠠᠶᠤᠬᠤ ᠦᠭᠡᠢ᠂ ᠵᠤᠷᠢᠬᠰᠡᠨ ᠳᠠᠭᠠᠨ ᠭᠦᠷᠭᠦ ᠪᠠᠷ ᠴᠤᠴᠡᠯᠳᠡ ᠦᠭᠡᠢ ᠴᠢᠷᠮᠠᠶᠢᠳᠠᠭ ᠡᠷᠡᠰ ᠬᠠᠳᠡᠨ ᠵᠠᠩ ᠴᠢᠨᠡᠷ ᠢ ᠭᠦᠮᠦᠵᠢᠭᠦᠯᠭᠦ ᠳᠤ ᠪᠦᠷ ᠲᠤᠰᠠᠳᠡᠢ᠃       ᠲᠡᠭᠡᠪᠡᠯ᠂ ᠭᠦᠳᠡᠯᠮᠦᠷᠢ ᠶᠢᠨ ᠭᠦᠮᠦᠵᠢᠯ ᠢ ᠭᠡᠷᠭᠢᠨ ᠭᠢᠳᠡᠭ ᠪᠢᠯᠡ︖ ᠭᠡᠷ ᠪᠦᠯᠢ᠂ ᠰᠤᠷᠭᠠᠭᠤᠯᠢ᠂ ᠨᠡᠶᠢᠭᠡᠮ ᠬᠠᠮᠵᠢᠯᠴᠡᠨ ᠭᠢᠪᠡᠯ ᠦᠷ᠎ᠡ ᠪᠦᠳᠦᠮᠵᠢ ᠪᠠᠷ ᠨᠠᠩ ᠭᠠᠶᠢᠭᠤᠢ ᠪᠠᠶᠢᠬᠤ ᠮᠠᠭᠠᠳ᠃ ᠠᠶᠠᠭ᠎ᠠ ᠱᠠᠭᠠᠵᠠᠩ ᠤᠭᠢᠶᠠᠬᠤ᠂ ᠱᠠᠯᠡ ᠵᠦᠯᠭᠦᠭᠦ᠂ ᠲᠤᠬᠯᠠᠭᠠᠮ ᠤᠨ ᠵᠦᠢᠯᠡᠰ ᠢᠶᠠᠨ ᠲᠢᠭᠯᠡᠭᠦ᠂ ᠲᠦᠭᠦᠮᠭᠡᠨ ᠬᠤᠭᠤᠯᠡ ᠪᠤᠳᠠᠭ᠎ᠠ ᠭᠢᠭᠦ ᠭᠡᠭᠦ ᠮᠡᠳᠤᠴᠢᠯᠡᠨ ᠭᠡᠷ ᠵᠠᠭᠤᠷ᠎ᠡ ᠶᠢᠨ ᠠᠵᠢᠯ ᠢ ᠭᠢᠯᠭᠡᠵᠤ ᠪᠤᠯᠤᠨ᠎ᠡ᠃ ᠭᠡᠭᠦ ᠳᠡᠭᠡᠨ ︽ᠡᠭᠦᠨ ᠢ ᠬᠢ᠂ ᠲᠡᠭᠦᠨ ᠢ ᠤᠷᠤᠯᠳᠦ︾ ᠭᠡᠵᠤ ᠵᠢᠭᠠᠵᠤ ᠲᠤᠭᠢᠬᠰᠡᠨ ᠤ ᠭᠡᠷᠡᠭ ᠦᠭᠡᠢ᠂ ᠬᠠᠷᠢᠨ ᠭᠦᠳᠦᠯᠦᠨ ᠵᠢᠯᠤᠭᠤᠳᠴᠤ ᠪᠠᠶᠢᠭᠠᠳ ᠤᠭᠢ ᠰᠠᠶᠢᠨ ᠭᠦᠳᠡᠯᠮᠦᠷᠢ ᠶᠢᠨ ᠤᠷᠴᠢᠨ ᠲᠤᠭᠤᠷᠢᠨ ᠢ ᠪᠤᠢ ᠪᠤᠯᠭᠠᠪᠡᠯ ᠪᠤᠯᠴᠢᠬᠠᠨ᠎ᠡ ᠃ ᠰᠤᠷᠭᠠᠭᠤᠯᠢ ᠶᠢᠨ ᠲᠡᠯ᠎ᠡ ᠠᠴᠠ ᠴᠤ ᠪᠠᠶ᠎ᠡ ᠶᠢᠨ ᠭᠦᠳᠡᠯᠮᠦᠷᠢ ᠶᠢᠨ ᠲᠦᠷᠦᠯ ᠵᠦᠢᠯ ᠢ ᠰᠠᠨᠠᠭᠠᠴᠢᠯᠠᠭ᠎ᠠ ᠲᠠᠢ ᠬᠠᠨᠳᠤᠯᠭᠠᠳᠤ ᠴᠢᠨᠡᠷ ᠲᠠᠢ ᠲᠤᠭᠢᠷᠡᠭᠤᠯᠤᠨ᠂ ᠰᠤᠷᠤᠬᠴᠢᠳ ᠲᠤ ᠭᠦᠳᠡᠯᠮᠦᠷᠢ ᠳᠤ ᠤᠷᠤᠯᠴᠠᠬᠤ ᠠᠵᠡ ᠵᠡᠪᠰᠢᠶᠡᠨ ᠬᠠᠨᠭ᠍ᠭᠠᠨ ᠦᠭᠪᠡᠯ ᠵᠤᠭᠢᠨ᠎ᠡ᠃
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ