ᠡᠵᠢ ᠶᠢᠨ ᠮᠢᠨᠢ ᠮᠦᠷ
ᠨᠡᠶᠢᠲᠡᠯᠡᠭᠰᠡᠨ ᠴᠠᠭ᠄
2023/4/6
      ᠡᠨᠡᠷᠢᠯ ᠤᠨ ᠲᠡᠭᠷᠢ ᠡᠵᠢ ᠬᠦᠮᠦᠨ      ᠡᠨᠡᠬᠡᠨ ᠬᠤᠷᠸ᠎ᠠ ᠳᠤ ᠲᠤᠬᠢᠶᠠᠬᠤ ᠭᠠᠭᠴᠠ ᠪᠤᠷᠬᠠᠨ      ᠡᠷᠳᠡᠨᠢᠳᠦ ᠴᠤᠭᠴᠠᠰ ᠤᠨ ᠮᠢᠨᠢ ᠠᠮᠢ ᠶᠢ ᠰᠤᠶᠤᠷᠬᠠᠭᠴᠢ      ᠡᠰᠡᠨᠢᠯ ᠬᠦᠭᠵᠢᠯ ᠤᠨ ᠮᠢᠨᠢ ᠵᠠᠮ ᠢ ᠵᠢᠭᠠᠭᠴᠢ      ᠡᠬᠦᠷᠢᠳᠡ ᠲᠤᠷᠠᠰᠬᠤ ᠶᠢᠨ ᠮᠦᠡᠭᠬᠡ ᠶᠢᠨ ᠵᠤᠯᠠ      ᠲᠤᠩᠭᠤᠷᠴᠤᠭᠯᠠᠨ ᠤᠨᠠᠭᠠᠳ ᠮᠦᠯᠬᠦᠵᠦ ᠪᠠᠶᠢᠬᠤ ᠳᠤ      ᠲᠤᠬᠤᠢ ᠠᠴᠠ ᠮᠢᠨᠢ ᠡᠷᠬᠦᠬᠡᠳ ᠲᠤᠳᠤᠮᠳᠤᠵᠦ ᠯᠠ ᠪᠠᠶᠢᠬᠰᠠᠨ      ᠲᠤᠮᠤᠭ᠎ᠠ ᠦᠬᠡᠢ ᠵᠦᠷᠢᠬᠦᠳᠯᠡᠨ ᠠᠭᠠᠰᠢᠯᠠᠬᠤ ᠳᠤ      ᠲᠠᠭᠤᠨ ᠦᠬᠡᠢ ᠲᠡᠪᠡᠷᠢᠬᠡᠳ ᠡᠩᠬᠦᠷᠡᠶᠢᠯᠡᠵᠦ ᠯᠠ ᠪᠠᠶᠢᠭᠰᠠᠨ      ᠲᠦᠬᠡᠮᠡᠯ ᠬᠠᠶᠢᠷ᠎ᠠ ᠶᠢᠨ ᠠᠭᠤᠦ ᠪᠦᠷᠢᠯᠸ᠎ᠠ       ᠲᠤᠭᠤᠯ ᠢᠶᠠᠨ ᠬᠠᠷᠢᠭᠤᠯᠤᠭᠠᠳ ᠲᠤᠭᠯᠠᠵᠦ ᠶᠠᠪᠤᠬᠤ ᠳᠤ      ᠲᠤᠭᠤᠨᠤᠯᠵᠢᠨ ᠬᠠᠷᠠᠭᠳᠠᠳᠠᠭ ᠡᠵᠢ ᠶᠢᠨ ᠮᠢᠨᠢ ᠮᠦᠷ ᠡ      ᠲᠤᠭᠤᠰᠤᠳᠦ ᠶᠢᠷᠳᠢᠨᠴᠤ ᠳᠤ ᠲᠤᠮᠤᠭᠠᠵᠢᠨ ᠠᠯᠬᠤᠬᠤ ᠳᠤ      ᠲᠤᠳᠤᠷᠠᠨ ᠰᠠᠨᠠᠭᠳᠠᠭᠳᠠᠭ ᠡᠵᠢ ᠶᠢᠨ ᠮᠢᠨᠢ ᠮᠦᠷ ᠡ      ᠲᠤᠭᠳᠠᠨᠢᠬᠰᠠᠨ ᠮᠤᠩᠭᠤᠯ ᠤᠨ ᠮᠢᠨᠢ ᠬᠡᠷᠡᠯᠳᠦ ᠴᠠᠮᠬᠠᠭ      ᠡᠯᠢᠬᠡᠰᠡᠭ ᠲᠤᠳᠤᠨᠦ ᠵᠠᠩ ᠠᠷᠠᠨᠰᠢᠨ ᠲᠠᠢ      ᠢᠳᠡᠷᠬᠡᠭ ᠴᠤᠪᠤᠭᠤ ᠠᠵᠢᠯᠴᠢ ᠰᠤᠷᠳᠠᠯ ᠲᠠᠢ      ᠢᠷᠡᠬᠡᠳᠦᠢ ᠶᠢᠨ ᠦᠢᠯᠡᠰ ᠲᠡᠭᠡᠨ ᠢᠳᠡᠬᠡᠯ ᠪᠢᠯᠬᠠᠮ᠎ᠠ      ᠡᠬᠡᠯ ᠵᠢᠷ ᠤᠨ ᠮᠠᠯᠴᠢᠨ ᠪᠦᠰᠡᠬᠦᠢ      ᠡᠬᠡ ᠲᠡᠯᠡᠬᠡᠢ ᠶᠢᠨ ᠴᠢᠨᠳᠠᠮᠤᠨᠢ ᠶᠤᠮ ᠰᠠᠨ᠃      ᠠᠯᠤᠰ ᠤᠨ ᠭᠠᠵᠠᠷ ᠠᠴᠠ ᠨᠤᠲᠤᠭ ᠲᠠᠭᠠᠨ ᠪᠤᠴᠠᠬᠤ ᠳᠤ      ᠠᠯᠬᠤᠭᠰᠠᠨ ᠮᠦᠷ ᠨᠢ ᠰᠦᠬᠦᠮ ᠵᠦᠷᠢᠬᠦ ᠦᠬᠡᠢ ᠪᠤᠯᠵᠡᠢ      ᠠᠷᠤᠭ ᠡᠬᠦᠷᠳᠡᠭ ᠨᠢᠷᠤᠭᠤ ᠨᠢ ᠪᠦᠭᠳᠡᠶᠢᠵᠦ ᠬᠠᠳᠦ᠋ᠢᠭᠠᠳ      ᠠᠮᠢᠰᠬᠤᠭ᠎ᠠ ᠠᠪᠬᠤ ᠳᠠᠭᠠᠨ ᠴᠤ ᠬᠦᠴᠢᠷ ᠲᠠᠢ ᠪᠤᠯᠵᠡᠢ      ᠠᠯᠠᠭ ᠵᠢᠷᠦᠬᠡᠨ ᠳᠤ ᠮᠢᠨᠢ ᠠᠶᠢᠳᠠᠰᠦ ᠪᠠᠭᠤᠯ᠎ᠠ᠃      ᠡᠷᠡᠬᠦᠯ ᠪᠡᠶ᠎ᠠ ᠨᠢ ᠡᠮᠬᠡᠭ ᠲᠠᠢ ᠪᠤᠯᠴᠢᠬᠠᠵᠡᠢ      ᠡᠪᠡᠳᠴᠢᠨ ᠲᠠᠬᠤᠯ ᠬᠡᠨᠡᠭᠡ ᠲᠠᠢ ᠪᠤᠯᠴᠢᠬᠠᠵᠡᠢ      ᠡᠶᠢᠮᠦ ᠠᠳᠠᠯ᠎ᠠ ᠪᠠᠨ ᠮᠠᠯ ᠤᠨ ᠢᠶᠠᠨ ᠬᠤᠶᠢᠨ᠎ᠠ ᠠᠴᠠ      ᠡᠳᠦᠷᠵᠢᠨ ᠰᠠᠯᠤᠯ ᠦᠬᠡᠢ ᠴᠦᠮᠴᠡᠬᠡᠨᠡᠵᠦ ᠯᠠ ᠪᠠᠶᠢᠯ᠎ᠠ      ᠡᠨᠡᠷᠢᠩᠬᠦᠢ ᠰᠡᠳᠬᠢᠯ ᠤᠨ ᠲᠤᠯᠠᠭᠠᠬᠠᠨ ᠦᠯᠦᠬᠡᠢ᠃      ᠬᠡᠨᠡᠬᠡᠷᠬᠡᠵᠦ ᠬᠡᠪᠳᠡᠭᠰᠡᠨ ᠡᠵᠢ ᠲᠠᠨ ᠳᠠᠭᠠᠨ      ᠬᠠᠭᠤᠷᠠᠭᠰᠠᠨ ᠪᠤᠳᠠᠭᠠᠨ ᠤ ᠱᠦᠯᠦ ᠴᠤ ᠬᠢᠵᠦ ᠵᠠᠪᠳᠤᠭᠰᠠᠨ ᠦᠬᠡᠢ      ᠬᠡᠳᠦᠷᠮᠡᠬᠡᠶᠢᠯᠡᠵᠦ ᠶᠠᠪᠤᠭᠰᠠᠨ ᠬᠦᠦ ᠶᠢᠨ ᠴᠢᠨᠢ      ᠬᠡᠨᠡᠨ ᠪᠤᠳᠤᠯ ᠤᠨ ᠬᠢᠨᠢ ᠤᠰᠤᠯ ᠶᠤᠮ ᠳᠠ      ᠬᠢᠴᠢᠶᠡᠵᠦ ᠲᠤᠩᠭᠠᠬᠤ ᠰᠤᠷᠭᠠᠮᠵᠢ ᠪᠠᠶᠢᠨ᠎ᠠ ᠳ᠋ᠠ᠃      ᠡᠵᠢ ᠶᠢᠨ ᠮᠢᠨᠢ ᠮᠦᠷ —      ᠤᠰᠤᠨ ᠳᠤ ᠲᠤᠳᠤᠷᠠᠭᠰᠠᠨ ᠲᠠᠮᠠᠭ᠎ᠠ ᠪᠠᠶᠢᠯ᠎ᠠ      ᠡᠵᠢ ᠶᠢᠨ ᠮᠢᠨᠢ ᠮᠦᠷ —      ᠡᠬᠦᠯᠡᠨ ᠳᠤ ᠵᠢᠷᠤᠭᠰᠠᠨ ᠤᠭᠠᠯᠵᠠ ᠪᠠᠶᠢᠯ᠎ᠠ      ᠡᠵᠢ ᠶᠢᠨ ᠮᠢᠨᠢ ᠮᠦᠷ —      ᠦᠨᠡᠬᠡᠨ ᠬᠠᠷᠠᠩᠭᠤᠢ ᠳᠠᠬᠢ ᠵᠠᠮᠴᠢ ᠪᠠᠶᠢᠯ᠎ᠠ      ᠡᠵᠢ ᠶᠢᠨ ᠮᠢᠨᠢ ᠮᠦᠷ —      ᠦᠷᠡᠰ ᠬᠤᠶᠢᠴᠢᠰ ᠤᠨ ᠲᠠᠭᠤᠦ ᠪᠠᠶᠢᠯ᠎ᠠ      ᠠᠯᠠᠭ ᠲᠠᠢ ᠴᠤᠬᠤᠷ ᠲᠠᠢ ᠠᠮᠢᠳᠤᠷᠠᠯ ᠤᠨ ᠵᠠᠮ ᠳᠤ      ᠠᠯᠢᠶᠠᠯᠠᠵᠦ ᠶᠠᠪᠤᠭᠰᠠᠨ ᠦᠷ᠎ᠠ ᠪᠢᠳᠡᠨ ᠳᠡᠭᠡᠨ      ᠦᠯᠡᠳᠡᠬᠡᠵᠦ ᠦᠭᠬᠦᠭᠰᠡᠨ ᠮᠦᠡᠭᠬᠡ ᠶᠢᠨ ᠮᠦᠷ ᠲᠠᠨᠢ      ᠠᠮᠢᠨ ᠠᠴᠠ ᠵᠠᠯᠭᠠᠭᠰᠠᠨ ᠡᠷᠳᠡᠨᠢ ᠶᠤᠮ ᠰᠢᠦ︕      ᠠᠯᠳᠠᠨ ᠠᠴᠠ ᠦᠨ᠎ᠠ ᠲᠠᠢ ᠰᠤᠷᠭᠠᠯ ᠶᠤᠮ ᠰᠢᠦ︕
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ