ᠠᠳᠡ ᠬᠤᠪᠣᠷ ᠲᠣᠬᠢᠶᠠᠯᠳᠤᠬᠤ 1ᠡᠪᠡᠳᠴᠢᠨ ᠤ ᠵᠢᠱᠢᠶ᠎ᠡ ᠢᠯᠡᠷᠡᠪᠡ ︕  ᠥᠪᠥᠷ ᠮᠣᠩᠭᠤᠯ ᠳᠤ ᠭᠠᠷᠴᠤ ᠦᠡᠭᠭᠡᠷᠡᠵᠡᠢ
ᠨᠡᠶᠢᠲᠡᠯᠡᠭᠰᠡᠨ ᠴᠠᠭ᠄
2023/4/26
        ᠲᠦᠷᠦᠭᠦᠬᠡᠨ ᠱᠧᠨᠵᠧᠨ ᠶᠡᠭᠡ ᠰᠤᠷᠭᠠᠭᠤᠯᠢ ᠶᠢᠨ ᠶᠡᠷᠦᠩᠬᠡᠶ  ᠡᠮᠨᠡᠯᠭᠡ ᠶᠢᠨ  ᠬᠤᠷᠢᠶ᠎ᠠ  ᠶᠢᠨ  ᠬᠢᠨ  ᠨᠢᠭᠡᠨ  ᠬᠤᠪᠣᠷ ᠲᠣᠬᠢᠶᠠᠯᠳᠤᠬᠤ  ᠬᠠᠷ᠎ᠠ  ᠬᠠᠯᠠᠭᠤᠷᠠᠯᠭ᠎ᠠ  ᠡᠪᠡᠳᠴᠢᠨ ᠢ  ᠣᠨᠣᠰᠢᠯᠠᠪᠠ᠂  75  ᠨᠠᠰᠤᠲᠠᠢ  ᠴᠧᠨ ᠨᠠᠰᠤᠲᠠᠨ᠄ ︽ᠠᠩᠬ᠎ᠠ ᠡᠬᠢᠯᠡᠬᠦ ᠳᠡᠭᠡᠨ ᠲᠠᠭᠰᠢᠭᠤᠷ ᠭᠡᠵᠦ ᠪᠤᠳᠤᠵᠤ ᠪᠠᠶᠢᠪᠠ᠂ ᠰᠡᠭᠦᠯᠡᠷ ᠨᠢ ᠰᠢᠨ᠎ᠡ ᠲᠢᠲᠢᠮᠯᠢᠭ ᠸᠢᠷᠦ᠋ᠰ  ᠤᠨ  ᠬᠠᠯᠳᠠᠪᠤᠷᠢᠯᠠᠯ᠂  ᠬᠥᠬᠡ ᠬᠡᠯᠪᠡᠷᠢ ᠶᠢᠨ ᠬᠠᠯᠳᠠᠪᠤᠷᠢᠲᠤ ᠲᠠᠭᠰᠢᠭᠤᠷ᠂ ᠴᠢᠨᠠᠭᠰᠢᠯᠠᠪᠠᠯ ᠴᠢᠰᠤ ᠴᠠᠶᠢᠬᠤ ᠡᠪᠡᠳᠴᠢᠨ ᠪᠤᠯᠬᠤ ᠴᠦ ᠶᠤᠮ ᠤᠤ ᠭᠡᠵᠦ ᠪᠠᠶᠢᠴᠠᠭᠠᠵᠤ ᠦᠵᠡᠭᠰᠡᠨ ᠪᠣᠯᠪᠠᠴᠤ ᠡᠪᠡᠳᠴᠢᠨ ᠤ ᠰᠢᠯᠲᠠᠭᠠᠨ ᠢ ᠨᠢ ᠪᠠᠶᠢᠴᠠᠭᠠᠵᠤ ᠣᠯᠤᠭᠰᠠᠨ ᠥᠬᠡᠶ︾ ᠬᠡᠵᠦ ᠬᠡᠯᠡᠭᠰᠡᠨ ᠢᠶᠠᠨ  ᠵᠠᠯᠭᠠᠭᠠᠳ᠂ ᠲᠦᠷᠦᠬᠦᠦ ᠰᠠᠷ᠎ᠠ ᠪᠢ ᠱᠧᠨᠵᠧᠨ ᠳᠤ ᠬᠦᠷᠴᠦ ᠬᠦᠦ ᠪᠠᠨ ᠡᠷᠬᠢᠨ ᠦᠵᠡᠬᠦ ᠦᠶ᠎ᠡ ᠳᠤ  ᠬᠠᠯᠠᠭᠤᠷᠠᠬᠰᠠᠨ  ᠳᠤ᠂  ᠨᠢᠶᠠᠨ‌‍ᠲ᠋ᠠᠷᠤᠭᠴᠢ᠂ ᠪᠠᠺᠲ᠋ᠧᠷᠢ ᠳᠠᠷᠤᠬᠤ ᠡᠮ ᠢᠶᠠᠷ ᠵᠠᠰᠠᠭᠠᠳ ᠲᠤᠰᠠ ᠪᠣᠯᠤᠭᠰᠠᠨ ᠦᠭᠡᠢ  ᠪᠦᠭᠡᠳ  ᠬᠠᠯᠠᠭᠤᠨ  ᠪᠠᠭᠤᠷᠠᠬᠤ ᠦᠭᠡᠢ ᠤᠯᠠᠮ  ᠢᠶᠠᠷ ᠬᠠᠯᠠᠭᠤᠷᠠᠪᠠ᠂  ᠬᠠᠮᠤᠭ ᠥᠨᠳᠥᠷ ᠲᠡᠭᠡᠨ  39℃ ᠢᠶᠠᠷ  ᠬᠠᠯᠠᠭᠤᠷᠠᠬᠰᠠᠨ ᠰᠢᠦ᠃  ᠱᠧᠨᠵᠧᠨ ᠶᠡᠭᠡ ᠰᠤᠷᠭᠠᠭᠤᠯᠢ ᠶᠢᠨ ᠶᠡᠷᠦᠩᠬᠡᠶ ᠡᠮᠨᠡᠯᠭᠡ ᠶᠢᠨ ᠬᠤᠷᠢᠶ᠎ᠠ ᠳᠤ ᠰᠢᠯᠵᠢᠬᠦᠯᠦᠨ ᠤᠷᠤᠭᠤᠯᠤᠬᠰᠠᠨ ᠤ ᠳᠠᠷᠠᠭ᠎ᠠ ᠡᠮᠴᠢ ᠨᠠᠳᠠ ᠳᠤ ᠥᠨᠳᠥᠷ ᠨᠡᠪᠲᠡᠷᠡᠴᠡ ᠶᠢᠨ ᠬᠤᠶᠠᠳᠤᠭᠠᠷ ᠦᠶ᠎ᠡ ᠶᠢᠨ ᠴᠤᠪᠤᠷᠠᠯ ᠬᠡᠮᠵᠢᠯᠲᠡ ︵NGS︶  ᠪᠠ  ᠴᠢᠮᠥᠭᠡ ᠶᠢ  ᠬᠠᠳᠬᠤᠬᠤ  ᠪᠠᠶᠢᠴᠠᠭᠠᠯᠲᠠ ᠬᠢᠭᠡᠳ ᠡᠴᠦᠰ ᠲᠡᠭᠡᠨ ᠬᠠᠷ᠎ᠠ ᠬᠠᠯᠠᠭᠤᠷᠠᠯᠭ᠎ᠠ ᠡᠪᠡᠳᠴᠢᠨ ᠭᠡᠵᠦ ᠣᠨᠣᠰᠢᠯᠠᠵᠠᠢ ᠬᠡᠯᠡᠪᠡ᠃                 ᠶᠠᠭᠠᠬᠢᠪᠡᠯ ᠬᠠᠷ᠎ᠠ ᠬᠠᠯᠠᠭᠤᠷᠠᠯᠭ᠎ᠠ ᠡᠪᠡᠳᠴᠢᠨ ᠳᠤ ᠨᠡᠷᠪᠡᠭᠳᠡᠳᠡᠭ ᠪᠣᠶ︖                ᠡᠮᠴᠢ ᠶᠢᠨ ᠬᠡᠯᠡᠬᠦ  ᠪᠠᠷ᠂  ᠬᠠᠷ᠎ᠠ  ᠬᠠᠯᠠᠭᠤᠷᠠᠯᠭ᠎ᠠ  ᠡᠪᠡᠳᠴᠢᠨ  ᠢ  ᠲᠠᠷᠬᠠᠭᠠᠬᠴᠢ  ᠪᠣᠯ  ᠨᠠᠭᠠᠯᠢᠩᠬᠠᠶ ᠪᠤᠯᠤᠨ᠎ᠠ᠂ ᠨᠠᠭᠠᠯᠢᠩᠬᠠᠶ ᠨᠢ ᠬᠠᠷ᠎ᠠ ᠬᠠᠯᠠᠭᠤᠷᠠᠯᠭ᠎ᠠ ᠡᠪᠡᠳᠴᠢᠨ ᠳᠤ ᠨᠡᠷᠪᠡᠭᠳᠡᠭᠰᠡᠨ ᠡᠪᠡᠳᠴᠢᠲᠡᠨ᠂ ᠡᠪᠡᠳᠴᠢᠨ ᠲᠠᠢ  ᠨᠣᠬᠠᠶ  ᠵᠢᠴᠢ  ᠵᠠᠷᠢᠮ ᠬᠡᠭᠡᠷ᠎ᠡ ᠶᠢᠨ ᠠᠮᠢᠲᠠᠨ ᠢ ᠬᠠᠵᠠᠪᠡᠯ ᠯᠢᠨᠢᠰᠮᠠᠨ ᠤ  ᠡᠰ ᠬᠤᠷᠤᠬᠠᠢ  ᠪᠤᠯᠵᠤ  ᠬᠠᠯᠳᠠᠪᠤᠷᠢᠯᠠᠳᠠᠭ᠃  ᠬᠤᠷᠣᠬᠠᠶ ᠲᠠᠢ ᠪᠤᠯᠤᠬᠰᠠᠨ ᠨᠠᠭᠠᠯᠢᠩᠬᠠᠶ ᠳᠠᠬᠢᠨ ᠬᠥᠮᠦᠨ ᠢ ᠬᠠᠵᠠᠪᠡᠯ᠂ ᠬᠥᠮᠦᠨ ᠲᠠᠷᠤᠢ ᠬᠠᠯᠳᠠᠪᠤᠷᠢᠯᠠᠯ ᠠᠪᠳᠠᠭ᠃                ᠮᠠᠨ ᠤ ᠤᠯᠤᠰ ᠤᠨ ᠭᠠᠨᠰᠦ᠂ ᠰᠧᠴᠤᠸᠠᠨ᠂ ᠱᠠᠨᠰᠢ᠂ ᠱᠠᠨ ᠰᠢ᠂ ᠾᠧᠪᠧᠢ᠂ ᠰᠢᠨᠵᠢᠶᠠᠩ᠂ ᠥᠪᠥᠷ ᠮᠣᠩᠭᠤᠯ ᠵᠡᠷᠭᠡ ᠭᠠᠵᠠᠷ ᠤᠨ ᠬᠢᠨ ᠪᠦᠷ ᠬᠠᠷ᠎ᠠ ᠬᠠᠯᠠᠭᠤᠷᠠᠯᠭ᠎ᠠ ᠡᠪᠡᠳᠴᠢᠨ ᠤ ᠬᠠᠯᠳᠠᠪᠤᠷᠢᠯᠠᠯ ᠢ ᠮᠡᠳᠡᠭᠦᠯᠵᠦ ᠥᠩᠭᠡᠷᠡᠭᠰᠡᠨ ᠶᠤᠮ᠃
ᠢᠷᠡᠯᠲᠡ᠄ ᠠᠷᠠᠳ ᠤᠨ ᠰᠦᠯᠵᠢᠶ᠎ᠡ