ᠴᠢᠪᠠᠭ᠎ᠠ ᠶᠢᠨ ᠠᠭᠤᠯᠠ
ᠨᠡᠶᠢᠲᠡᠯᠡᠭᠰᠡᠨ ᠴᠠᠭ᠄
2023/4/24
         ᠴᠢᠪᠠᠭ᠎ᠠ ᠶᠢᠨ ᠦᠨᠳᠦᠷ ᠠᠭᠤᠯᠠ ᠮᠢᠨᠢ        ᠴᠢ ᠶᠠᠭᠤᠨ ᠳᠤ ᠪᠠᠨ ᠭᠠᠩᠰᠠᠷᠠᠨ᠎ᠠ ᠪᠤᠢ        ᠴᠡᠩᠬᠡᠷ ᠬᠦᠬᠡᠮᠳᠦᠭ ᠵᠡᠷᠭᠡᠯᠭᠡᠨ ᠳᠤ ᠴᠢᠨᠢ        ᠴᠡᠴᠡᠭᠲᠦ ᠤᠯᠠᠷᠢᠯ ᠬᠤᠷᠭᠤᠳᠠᠭᠰᠠᠭᠠᠷ ᠡ        ᠬᠤᠩᠭᠤᠷ ᠨᠠᠮᠤᠷ ᠤᠨ ᠨᠠᠪᠴᠢ ᠨᠠᠮᠠᠭ᠎ᠠ ᠴᠢᠨᠢ          ᠬᠤᠷᠤᠮᠠᠬᠠᠨ᠎ᠠ ᠶᠠᠭᠤᠨ ᠳᠤ ᠵᠤᠯᠭᠠᠷᠠᠨ᠎ᠠ ᠪᠤᠢ         ᠬᠤᠯᠠ ᠠᠴᠠ ᠵᠡᠷᠭᠡᠯᠭᠡᠨᠳᠡᠬᠦ ᠦᠵᠡᠰᠬᠦᠯᠡᠩ ᠴᠢᠨᠢ        ᠬᠤᠨᠤᠭ ᠤᠨ ᠵᠡᠬᠦᠳᠦᠨ ᠳᠤ ᠳᠤᠯᠠᠶᠢᠭᠰᠠᠭᠠᠷ ᠡ        ᠰᠢᠷᠭᠠᠯᠳᠤᠭᠰᠠᠨ ᠤᠯᠠᠨ ᠤᠢ ᠤᠷᠭᠤᠮᠠᠯ ᠴᠢᠨᠢ         ᠰᠢᠷᠬᠠᠯᠠᠭ᠎ᠠ ᠤᠶᠢᠳᠬᠠᠷ ᠲᠠᠢ ᠭᠠᠩᠬᠤᠭ᠎ᠠ ᠦᠦ         ᠰᠢᠮ᠎ᠡ ᠳᠦᠭᠦᠷᠡᠩ ᠦᠷ᠎ᠡ ᠵᠢᠮᠢᠰ ᠪᠦᠬᠦᠨ ᠨᠢ         ᠰᠡᠮᠡᠷᠡᠨ ᠰᠡᠮᠡᠷᠡᠨ ᠠᠯᠤᠰ ᠠᠶᠠᠷᠯᠠᠭᠰᠠᠭᠠᠷ ᠦᠦ          ᠬᠤᠯᠠ ᠶᠢᠨ ᠰᠦᠷᠯᠢᠭᠬᠡᠨ ᠪᠠᠷ᠎ᠠ ᠠᠴᠠ ᠴᠢᠨᠢ         ᠬᠤᠨᠢᠶᠠᠰᠤ ᠲᠠᠲᠠᠬᠤ ᠴᠢᠨᠢ ᠶᠠᠭᠤᠨ ᠳᠤ ᠪᠢᠯᠡ         ᠬᠤᠷᠮᠤᠢ ᠪᠠᠷ ᠳᠦᠭᠦᠷᠡᠩ ᠬᠡᠤᠬᠡᠳ ᠤᠨ ᠢᠶᠠᠨ         ᠬᠡᠨᠡᠭᠡ ᠰᠡᠳᠬᠢᠯ ᠤᠨ ᠬᠢᠨᠢ ᠡᠮᠵᠡᠭᠯᠡᠯ ᠳᠤ ᠦᠦ         ᠨᠠᠷᠠᠨ ᠤ ᠳᠤᠯᠠᠭᠠᠨ ᠢᠯᠴᠢ ᠬᠦᠴᠦᠨ ᠳᠤ         ᠨᠠᠯᠠᠭᠠᠷ ᠪᠠᠶᠢᠭᠠᠯᠢ ᠴᠢᠨᠢ ᠴᠡᠯᠮᠡᠶᠢᠬᠦ ᠶᠤᠮ         ᠨᠢᠩᠵᠢᠨ ᠬᠦᠰᠡᠯ ᠤᠨ ᠬᠠᠶᠢᠷ᠎ᠠ ᠪᠦᠬᠦᠨ ᠢ          ᠨᠠᠢᠮᠠᠨ ᠵᠦᠭ ᠠᠴᠠ ᠬᠤᠷᠤᠶᠢᠯᠠᠬᠤ ᠶᠤᠮ         ᠴᠢᠪᠠᠭ᠎ᠠ ᠶᠢᠨ ᠤᠯᠠᠭᠠᠨ ᠮᠦᠬᠦᠯᠢᠭ ᠤᠳ        ᠴᠠᠭ ᠤᠨ ᠵᠢᠮ᠎ᠡ ᠪᠠᠷ ᠢᠶᠠᠨ ᠠᠮᠢᠯᠠᠬᠤ ᠶᠤᠮ        ᠴᠡᠯᠭᠡᠮ᠎ᠡ ᠨᠤᠭᠤᠭᠠᠨ ᠦᠵᠡᠮᠵᠢ ᠶᠢᠨ ᠵᠢᠷᠤᠭ          ᠴᠢᠨᠤ ᠮᠢᠨᠤ ᠬᠠᠷᠠᠭᠠᠨ ᠳᠤ ᠰᠦᠨᠳᠡᠷᠯᠡᠬᠦ ᠶᠣᠮ         ᠳᠡᠯᠭᠡᠷ ᠬᠤᠷᠸ᠎ᠠ ᠲᠠᠶᠢᠪᠣᠭᠤᠨ ᠮᠦᠰᠢᠶᠡᠬᠦ ᠶᠢᠨ        ᠲᠠᠩᠰᠤᠭ ᠢᠪᠡᠭᠡᠯᠲᠦ ᠲᠡᠷᠡ ᠨᠢᠭᠡᠨ ᠴᠠᠭ ᠲᠤ         ᠲᠡᠭᠷᠢ ᠭᠠᠵᠠᠷ ᠲᠤ ᠰᠠᠴᠤᠯᠢ ᠡᠷᠭᠦᠨ ᠰᠦᠭᠦᠷᠡᠵᠦ         ᠳᠡᠯᠡᠬᠡᠢ ᠲᠦᠮᠡᠨ ᠲᠠᠢ ᠪᠠᠭ᠋ᠠᠳᠤᠨ ᠤᠤᠬᠠᠶᠢᠯᠠᠶᠤ   
ᠢᠷᠡᠯᠲᠡ᠄ ᠠᠷᠤ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ