○ ᠨᠠ᠊ · ᠵᠢᠷᠭᠠᠯ | | ᠬᠠᠷᠠᠭᠠᠨᠠᠲᠤ ᠶᠢᠨ ᠠᠭᠤᠳᠠᠮ ᠲᠠᠯ᠎ᠠ ᠨᠢ | ᠬᠠᠩᠪᠤ ᠲᠤᠷᠭᠠᠨ ᠪᠡᠯᠴᠢᠭᠡᠷ ᠯᠠ ᠪᠠᠶᠢᠨ᠎ᠠ | ᠬᠠᠨ ᠰᠠᠶᠢᠬᠠᠨ ᠲᠦᠰᠢᠭ ᠠᠭᠤᠯᠠᠰ ᠨᠢ | ᠬᠠᠯᠠᠭᠤᠨ ᠬᠠᠶᠢᠷ᠎ᠠ ᠶᠢᠨ ᠬᠤᠷᠤᠢ ᠪᠠᠶᠢᠨ᠎ᠠ | ᠤᠩᠭᠤᠨ ᠮᠣᠳᠤ ᠶᠢᠨ ᠰᠢᠮᠡᠯᠢᠭ ᠬᠦᠷᠦᠰᠦ ᠨᠢ | ᠣᠣ ᠮᠦᠷᠡᠨ ᠲᠠᠢ ᠪᠠᠨ ᠵᠢᠷᠤᠭᠯᠠᠭᠠᠳ ᠪᠠᠶᠢᠨ᠎ᠠ | ᠣᠪᠣᠭ᠎ᠠ ᠶᠢᠨ ᠰᠦᠷᠯᠢᠭ ᠦᠵᠡᠮᠵᠢᠲᠦ ᠪᠠᠷ᠎ᠠ ᠨᠢ | ᠤᠤᠭᠠᠯ ᠰᠦᠮ᠎ᠡ ᠲᠠᠢ ᠪᠠᠨ ᠠᠮᠢᠯᠠᠭᠠᠳ ᠪᠠᠶᠢᠨ᠎ᠠ | ᠠᠵᠢᠯᠴᠢ ᠪᠣᠭᠤᠷᠣᠯ ᠡᠪᠦᠭᠡᠳ ᠤᠨ ᠮᠢᠨᠢ | ᠠᠷᠢᠭᠤᠨ ᠬᠦᠳᠡᠯᠮᠦᠷᠢ ᠶᠢᠨ ᠪᠠᠭ᠋ᠠᠷᠬᠠᠯ | ᠤᠵᠤᠭᠤᠷ ᠬᠦᠬᠡ ᠠᠵᠢᠷᠭ᠎ᠠ ᠶᠢᠨ ᠠᠭᠤᠯᠠ ᠨᠢ | ᠤᠷᠢᠳᠤ ᠪᠤᠭᠳᠠ ᠶᠢᠨ ᠳᠤᠮᠤᠭ ᠢ ᠬᠦᠤᠷᠨᠢᠭᠰᠡᠭᠡᠷ | ᠤᠳᠤᠮ ᠤᠯᠠᠷᠢᠭᠰᠠᠨ ᠤᠷᠳᠤᠨ ᠪᠠᠭᠤᠴᠠ ᠨᠢ | ᠣᠴᠢᠷᠯᠠᠬᠤ ᠲᠡᠤᠬᠡ ᠶᠢ ᠪᠠᠨ ᠲᠤᠭᠠᠴᠢᠭᠰᠠᠭᠠᠷ | ᠡᠭᠦᠯᠡᠨ ᠬᠦᠬᠡ ᠶᠢᠨ ᠨᠤᠲᠤᠭ ᠮᠢᠨᠢ | ᠤᠷᠲᠤ ᠶᠢᠨ ᠳᠠᠭᠤᠤ ᠨᠢ ᠬᠠᠩᠭᠢᠨᠠᠨ᠎ᠠ | ᠡᠷᠲᠡᠨ ᠤ ᠤᠯᠠᠨ ᠲᠤᠤᠯᠢ ᠳᠤᠮᠤᠭ ᠨᠢ | ᠡᠷᠳᠡᠮ ᠰᠤᠶᠤᠯ ᠢ ᠰᠤᠶᠤᠷᠬᠠᠨ ᠪᠠᠶᠢᠨ᠎ᠠ | ᠡᠭᠡᠯᠢᠲᠦ ᠬᠤᠶᠢᠴᠢ ᠦᠷᠡᠰ ᠲᠤ ᠪᠠᠨ | ᠦᠨᠢᠷ ᠵᠢᠷᠭᠠᠯ ᠢ ᠨᠢ ᠢᠪᠡᠭᠡᠭᠰᠡᠭᠡᠷ | | | ᠨᠠᠮᠤᠷ ᠤᠨ ᠠᠶᠠᠯᠭᠤᠨ | | | ᠠᠭᠠᠷ ᠲᠤ ᠪᠠᠨ ᠵᠡᠯᠡᠯᠡᠬᠦ ᠭᠠᠯᠠᠭᠤᠳ ᠨᠢ ᠬᠠᠶᠢᠷ᠎ᠠ ᠶᠢᠨ ᠳᠠᠭᠤᠤ ᠪᠠᠷ ᠭᠠᠩᠭᠠᠨᠠᠯᠳᠤᠭᠠᠳ | ᠠᠯᠤᠰ ᠲᠤ ᠪᠠᠨ ᠴᠤᠪᠤᠷᠠᠬᠤ ᠰᠢᠪᠠᠭᠤᠳ ᠨᠢ ᠨᠠᠭᠤᠷ ᠤᠨ ᠤᠰᠤᠨ ᠳᠤ ᠡᠭᠡᠨᠡᠭᠰᠢᠯᠳᠦᠭᠡᠳ | ᠠᠷᠤ ᠨᠤᠲᠤᠭ ᠲᠤ ᠪᠠᠨ ᠰᠡᠳᠬᠢᠯ ᠬᠤᠷᠭᠤᠳᠠᠨ ᠤᠶᠠᠷᠠᠨ ᠤᠶᠠᠷᠠᠨ ᠤᠷᠲᠤᠬᠠᠨ ᠡᠷᠭᠢᠴᠡᠵᠦ | ᠠᠩᠭ᠎ᠠ ᠵᠤᠯᠵᠠᠭ᠎ᠠ ᠲᠠᠢ ᠪᠠᠨ ᠨᠠᠷᠠ ᠶᠢ ᠴᠢᠭᠯᠡᠭᠡᠳ ᠬᠠᠯᠠᠭᠤᠨ ᠨᠦᠮᠦᠷᠢ ᠲᠤ ᠪᠠᠨ ᠪᠤᠴᠠᠨ᠎ᠠ | ᠨᠠᠮᠤᠷ ᠤᠨ ᠦᠩᠭᠡ ᠨᠢ ᠰᠢᠷᠭᠠᠯᠳᠤᠭᠠᠳ ᠯᠠ ᠪᠠᠶᠢᠨ᠎ᠠ | ᠨᠠᠪᠴᠢ ᠤᠷᠭᠤᠮᠠᠯ ᠨᠢ ᠪᠤᠭᠤᠷᠤᠯᠳᠤᠭᠠᠳ ᠯᠠ ᠪᠠᠶᠢᠨ᠎ᠠ | ᠠᠭᠤᠯᠠᠰ ᠤᠨ ᠴᠡᠩᠬᠡᠷ ᠵᠡᠷᠭᠡᠯᠭᠡᠨ ᠨᠢ ᠬᠤᠯᠠ ᠶᠢᠨ ᠪᠠᠷ᠎ᠠ ᠳᠤ ᠰᠡᠭᠦᠳᠡᠩᠨᠡᠨ ᠪᠦᠷᠲᠦᠯᠵᠡᠭᠡᠳ | ᠠᠳᠤᠭᠤᠨ ᠰᠦᠷᠦᠭ ᠮᠢᠨᠢ ᠰᠠᠯᠬᠢ ᠦᠨᠦᠷᠯᠡᠨ ᠲᠠᠩᠰᠤᠭ ᠪᠡᠯᠴᠢᠭᠡᠷ ᠲᠤ ᠪᠠᠨ ᠳᠠᠪᠬᠢᠯᠳᠤᠭᠠᠳ | ᠠᠶᠢᠷᠠᠭ ᠴᠠᠭ᠎ᠠ ᠶᠢᠨ ᠱᠠᠩᠳᠠᠭᠤᠨ ᠦᠨᠦᠷ ᠨᠢ ᠪᠠᠭᠤᠴᠠ ᠪᠠᠨ ᠪᠠᠶᠠᠰᠬᠠᠨ ᠰᠡᠩᠭᠢ ᠲᠠᠲᠠᠵᠤ | ᠠᠵᠢᠯᠴᠢ ᠮᠠᠯᠴᠢᠳ ᠤᠨ ᠠᠷᠢᠭᠤᠨ ᠬᠦᠳᠡᠯᠮᠦᠷᠢ ᠪᠠᠷ ᠦᠬᠡᠷ ᠬᠤᠨᠢᠳ ᠨᠢ ᠦᠨᠢᠷ ᠦᠰᠦᠨ᠎ᠡ | ᠨᠠᠮᠤᠷᠵᠢᠶ᠎ᠠ ᠶᠢᠨ ᠡᠭᠦᠯᠡᠰ ᠨᠢ ᠨᠡᠭᠦᠳᠡᠯᠯᠡᠬᠡᠳ ᠯᠠ ᠪᠠᠶᠢᠨ᠎ᠠ | ᠨᠠᠷᠠᠯᠠᠭ ᠬᠤᠷᠸ᠎ᠠ ᠳᠤ ᠪᠠᠨ ᠠᠮᠤᠭᠤᠯᠠᠩᠬᠠᠨ ᠯᠠ ᠪᠠᠶᠢᠨ᠎ᠠ | | | ᠬᠠᠳᠤᠯᠠᠩ ᠤᠨ ᠪᠠᠭ᠋ᠠᠳᠤᠯ | | | ᠬᠠᠳᠤᠯᠠᠩ ᠤᠨ ᠴᠠᠭ ᠨᠢ ᠬᠦᠷᠦᠭᠡᠳ ᠢᠷᠡᠯ᠎ᠡ | ᠬᠠᠮᠤᠭ ᠪᠦᠬᠦᠨ ᠤ ᠰᠢᠮ᠎ᠡ ᠨᠢ ᠳᠦᠭᠦᠷᠡᠯᠡ | ᠬᠠᠮᠤᠭᠰᠠᠨ ᠡᠪᠡᠰᠦ ᠨᠢ ᠱᠠᠭᠰᠢᠭᠠᠳ ᠪᠠᠶᠢᠨ᠎ᠠ | ᠬᠠᠯᠠᠭᠤᠨ ᠬᠦᠯᠦᠰᠦ ᠮᠢᠨᠢ ᠳᠤᠰᠤᠯᠠᠭᠠᠳ ᠪᠠᠶᠢᠨ᠎ᠠ | | ᠨᠠᠯᠠᠭᠠᠷ ᠬᠦᠳᠡᠭᠡ ᠶᠢᠨ ᠲᠤᠰᠤᠨ ᠰᠠᠯᠬᠢ ᠪᠠᠷ | ᠨᠠᠮᠤᠷᠵᠢᠶ᠎ᠠ ᠵᠦᠭ ᠢᠶᠠᠨ ᠨᠡᠭᠦᠳᠡᠯ ᠴᠦᠷᠬᠡᠯᠡᠨᠡ | ᠨᠠᠰᠤᠲᠠᠨ ᠵᠠᠯᠠᠭᠤᠰ ᠤᠨ ᠮᠠᠩᠨᠠᠢ ᠲᠡᠨᠢᠢᠵᠦ | ᠨᠠᠷᠠᠨ ᠵᠦᠭ ᠲᠤ ᠪᠠᠨ ᠰᠠᠴᠤᠯᠢ ᠡᠷᠭᠦᠨ᠎ᠡ | | ᠬᠠᠭᠰᠠᠷᠭᠠᠨ ᠭᠠᠴᠢᠭ ᠢ ᠲᠤᠭᠤᠯᠤᠭᠠᠳ ᠭᠠᠷᠪᠠᠯ | ᠬᠠᠪᠤᠷ ᠤᠨ ᠤᠷᠢᠨ ᠲᠠᠢ ᠵᠤᠯᠭᠠᠭᠠᠳ ᠨᠠᠷᠭᠢᠨᠠ | ᠬᠠᠭᠳᠠ ᠶᠢᠨ ᠵᠦᠯᠭᠡ ᠨᠤᠭᠤᠭᠠᠷᠠᠬᠤ ᠶᠢᠨ ᠦᠶ᠎ᠡ | ᠬᠠᠨᠠᠭᠠᠷ ᠲᠠᠯ᠎ᠠ ᠪᠠᠨ ᠰᠦᠷᠦᠭ ᠢᠶᠠᠷ ᠪᠠᠶ᠋ᠰᠬᠠᠨᠠ | | ᠳᠦᠷᠪᠡᠨ ᠴᠠᠭ ᠤᠨ ᠮᠠᠯᠴᠢᠨ ᠤ ᠠᠮᠢᠳᠤᠷᠠᠯ | ᠲᠡᠤᠬᠡ ᠶᠢᠨ ᠵᠢᠮ᠎ᠡ ᠪᠠᠷ ᠭᠠᠯ ᠢᠶᠠᠨ ᠮᠠᠨᠠᠨ᠎ᠠ | ᠲᠡᠭᠷᠢ ᠭᠠᠵᠠᠷ ᠤᠨ ᠢᠪᠡᠭᠡᠯ ᠳᠤ ᠵᠢᠷᠭᠠᠵᠦ | ᠳᠡᠯᠭᠡᠷᠡᠬᠦ ᠤᠯᠠᠷᠢᠯ ᠤᠨ ᠪᠤᠱᠤᠭ᠎ᠠ ᠮᠢᠯᠢᠶᠠᠨ᠎ᠠ | | ᠬᠤᠤᠰ ᠦᠭᠡᠢ ᠪᠠᠷᠢᠯᠳᠤᠭᠠᠨᠲᠦ ᠮᠤᠩᠭᠤᠯ ᠪᠦᠬᠡ | | ᠨᠠᠶᠢᠷ ᠤᠨ ᠤᠯᠠᠨ ᠢ ᠪᠠᠶᠠᠰᠬᠠᠭᠠᠳ ᠪᠠᠶᠢᠳᠠᠭ | ᠨᠠᠷᠭᠢᠮ᠎ᠠ ᠵᠠᠯᠠᠭᠤ ᠬᠦᠴᠦᠲᠦ ᠪᠦᠬᠡ ᠮᠢᠨᠢ | ᠨᠠᠢᠮᠠᠨ ᠵᠦᠭ ᠲᠤ ᠭᠢᠯᠠᠯᠵᠠᠭᠠᠳ ᠪᠠᠶᠢᠳᠠᠭ | ᠨᠠᠷᠮᠠᠢ ᠲᠦᠮᠡᠨ ᠤ ᠪᠠᠭ᠋ᠠᠷᠬᠠᠯᠲᠦ ᠪᠦᠬᠡ ᠮᠢᠨᠢ | ᠳᠡᠪᠢᠭᠡᠳ ᠮᠠᠭᠰᠢᠬᠤ ᠰᠦᠷ ᠲᠤ ᠨᠢ | ᠳᠡᠯᠡᠬᠡᠢ ᠮᠦᠰᠢᠶᠡᠳᠡᠭ ᠪᠦᠬᠡ ᠮᠢᠨᠢ | ᠬᠤᠷᠠᠭᠰᠠᠨ ᠤᠯᠠᠨ ᠢ ᠬᠦᠭᠵᠢᠭᠡᠭᠡᠳ ᠪᠠᠶᠢᠳᠠᠭ | ᠬᠤᠩᠭᠤᠷ ᠰᠠᠶᠢᠬᠠᠨ ᠵᠢᠪᠬᠤᠭᠠᠲᠤ ᠪᠦᠬᠡ ᠮᠢᠨᠢ | ᠬᠤᠲᠠᠯᠠ ᠲᠦᠮᠡᠨ ᠢ ᠱᠠᠭᠰᠢᠭᠤᠯᠤᠭᠠᠳ ᠪᠠᠶᠢᠳᠠᠭ | ᠬᠤᠤᠰ ᠦᠭᠡᠢ ᠪᠠᠷᠢᠯᠳᠤᠭᠠᠨᠲᠦ ᠪᠦᠬᠡ ᠮᠢᠨᠢ | ᠡᠷᠬᠢᠮ ᠶᠤᠰᠤᠷᠬᠠᠭ ᠤᠬᠠᠭᠠᠨ ᠳᠤ ᠨᠢ | ᠡᠭᠡᠯᠢᠲᠦ ᠨᠠᠷᠠ ᠳᠤᠯᠠᠶᠢᠳᠠᠭ ᠪᠦᠬᠡ ᠮᠢᠨᠢ | ᠤᠷᠢᠳᠦ ᠶᠢᠨ ᠳᠤᠮᠤᠭ ᠢ ᠬᠦᠤᠷᠨᠢᠭᠦᠯᠬᠦ | ᠤᠳᠤᠮ ᠤᠨ ᠰᠢᠨᠳᠠᠰᠤᠲᠤ ᠪᠦᠬᠡ ᠮᠢᠨᠢ | ᠣᠨ ᠵᠠᠭᠤᠨ ᠳᠤ ᠪᠠᠨ ᠳᠠᠭᠤᠷᠢᠰᠤᠯ ᠲᠠᠢ | ᠤᠳᠤ ᠲᠠᠢ ᠪᠠᠷᠢᠯᠳᠤᠬᠤ ᠪᠦᠬᠡ ᠮᠢᠨᠢ ᠬᠦᠢ | ᠬᠦᠷᠦᠭᠰᠡᠨ ᠭᠠᠵᠠᠷ ᠪᠦᠬᠦᠨ ᠳᠤ ᠪᠠᠨ | ᠬᠦᠮᠦᠨ ᠮᠦᠰᠦ ᠪᠠᠷ ᠨᠠᠷᠭᠢᠭᠤᠯᠳᠠᠭ | ᠬᠦᠨᠳᠦᠳᠬᠡᠯ ᠪᠢᠰᠢᠷᠡᠯ ᠤᠨ ᠤᠤᠬᠠᠢ ᠲᠠᠢ | ᠬᠡᠢ ᠮᠤᠷᠢ ᠪᠤᠰᠤᠭ᠎ᠠ ᠪᠦᠬᠡ ᠮᠢᠨᠢ | | | ᠡᠷᠬᠢᠮ ᠳᠡᠭᠡᠳᠦ ᠰᠤᠷᠭᠠᠯ | | ᠲᠡᠭᠷᠢ ᠶᠢᠨ ᠴᠡᠭᠡᠯ ᠢᠶᠠᠷ ᠤᠶᠠᠩᠭᠠᠷᠠᠬᠤ ᠮᠢᠨᠤ ᠮᠤᠩᠭᠤᠯ ᠬᠡᠯᠡ | ᠲᠠᠯ᠎ᠠ ᠶᠢᠨ ᠠᠭᠤᠳᠠᠮ ᠢᠶᠠᠷ ᠬᠠᠩᠭᠢᠨᠠᠬᠤ ᠮᠢᠨᠤ ᠡᠬᠡ ᠡᠭᠡᠰᠢᠭ | ᠲᠠᠪᠤᠨ ᠲᠢᠪ ᠢᠶᠠᠷ ᠳᠠᠭᠤᠷᠢᠰᠬᠤ ᠠᠭᠤᠤ ᠲᠡᠤᠬᠡ ᠶᠢᠨ ᠭᠢᠯᠪᠠᠭ᠎ᠠ | ᠲᠠᠩᠰᠤᠭ ᠪᠠᠶᠠᠨ ᠢᠶᠠᠷ ᠱᠠᠭᠰᠢᠭᠳᠠᠬᠤ ᠰᠠᠶ᠎ᠠ ᠦᠭᠡᠰ ᠤᠨ ᠰᠠᠩ | ᠨᠠᠷᠠᠨ ᠤ ᠢᠯᠴᠢ ᠳᠤ ᠳᠤᠯᠠᠶᠢᠬᠤ ᠷᠦᠮᠡᠨ ᠹᠠᠵᠠᠷ ᠤᠨ ᠪᠠᠷ᠎ᠠ | ᠨᠠᠯᠠᠭᠠᠷ ᠤᠯᠠᠷᠢᠯ ᠡᠭᠦᠷᠢ ᠣᠷᠣᠰᠢᠬᠤ ᠪᠣᠮᠠᠨ ᠣᠨ ᠤ ᠰᠠᠭᠤᠤ | ᠨᠠᠢᠮᠠᠨ ᠵᠤᠪᠬᠢᠰ ᠲᠤ ᠭᠢᠯᠠᠯᠵᠠᠬᠤ ᠪᠠᠯᠠᠷᠠᠰᠢ ᠦᠭᠡᠢ ᠦᠢᠯᠡᠰ | ᠨᠠᠷᠮᠠᠢ ᠲᠦᠮᠡᠨ ᠳᠤ ᠬᠠᠳᠠᠩᠰᠢᠬᠤ ᠡᠪ ᠪᠣᠯᠪᠠᠰᠤᠨ ᠤ ᠬᠦᠰᠢᠶ᠎ᠡ | ᠤᠯᠠᠮᠵᠢᠯᠠᠵᠤ ᠢᠷᠡᠭᠰᠡᠨ ᠤᠵᠤᠭᠤᠷ ᠰᠤᠶᠤᠯ ᠤᠨ ᠡᠷᠴᠢᠮ ᠬᠦᠴᠦ | ᠤᠷᠬᠢᠵᠤ ᠪᠣᠯᠤᠰᠢ ᠦᠭᠡᠢ ᠭᠦᠮᠦᠨ ᠮᠦᠰᠦ ᠶᠢᠨ ᠦᠨᠡᠲᠦ ᠦᠪ | ᠤᠳᠤᠮ ᠵᠠᠯᠭᠠᠭᠰᠠᠨ ᠶᠤᠰᠤ ᠰᠤᠷᠲᠠᠬᠤᠨ ᠤᠢ ᠤᠬᠠᠭᠠᠨ ᠤ ᠵᠤᠯᠠ | ᠤᠭᠤᠷᠴᠤ ᠪᠣᠯᠣᠰᠢ ᠦᠭᠡᠢ ᠬᠦᠮᠦᠵᠢᠯ ᠡᠷᠬᠢᠮ ᠳᠡᠭᠡᠳᠦ ᠰᠤᠷᠭᠠᠯ | | ᠠᠳᠤᠭᠤᠨ ᠤ ᠠᠨᠢᠷᠯᠠᠯ | | ᠦᠤᠷ ᠢᠶᠠᠷ ᠵᠢᠵᠢᠭᠢᠨᠡᠬᠦ ᠰᠢᠪᠠᠭᠤᠳ ᠤᠨ ᠳᠠᠭᠤᠨ | ᠦᠶᠦᠭ ᠨᠠᠮᠤᠷ ᠤᠨ ᠲᠠᠩᠰᠤᠭ ᠠᠶᠠᠯᠭᠤ ᠬᠡᠯᠬᠢᠵᠤ | ᠦᠯᠡᠮᠵᠢ ᠶᠢᠨ ᠭᠠᠶᠢᠬᠠᠮᠰᠢᠭ ᠠᠭᠤᠯᠠ ᠬᠠᠶᠢᠷᠬᠠᠨ | ᠦᠵᠡᠰᠬᠦᠯᠡᠩ ᠤᠨ ᠮᠢᠩᠭᠠᠨ ᠵᠢᠷᠤᠭ ᠢ ᠳᠡᠯᠭᠡᠬᠦᠢ | ᠦᠳᠡᠰᠢ ᠪᠠᠷ ᠳᠤᠭᠤᠯᠳᠠᠬᠤ ᠠᠳᠤᠭᠤᠨ ᠤ ᠠᠨᠢᠷᠯᠠᠯ | ᠦᠤᠷᠰᠡᠬᠦ ᠴᠢᠮᠡᠭᠡ ᠪᠠᠷ ᠨᠢ ᠳᠡᠯᠡᠬᠡᠢ ᠤᠶᠠᠩᠭᠠᠷᠠᠵᠤ | ᠦᠨᠢᠷ ᠰᠦᠷᠦᠭ ᠤᠨ ᠲᠠᠶᠢᠪᠤᠭᠤᠨ ᠬᠡᠪᠢᠬᠦ ᠡᠭᠡᠰᠢᠭ | ᠦᠷᠦᠨ᠎ᠡ ᠳᠤᠷᠤᠨ᠎ᠠ ᠶᠢᠨ ᠨᠠᠷᠠᠨ ᠰᠠᠷᠠᠨ ᠭᠡᠷᠡᠯᠲᠦᠬᠦᠢ | ᠬᠦᠳᠡᠭᠡ ᠲᠠᠯ᠎ᠠ ᠪᠠᠷ ᠠᠭᠰᠤᠮᠨᠠᠬᠤ ᠠᠳᠤᠭᠤᠳ ᠤᠨ | ᠬᠦᠴᠦᠲᠦ ᠰᠦᠷ ᠲᠤ ᠨᠢ ᠨᠠᠢᠮᠠᠨ ᠵᠦᠭ ᠲᠤᠶᠠᠭᠠᠷᠠᠵᠤ | ᠬᠦᠷ ᠲᠦᠪᠡᠷᠭᠡᠨ ᠤ ᠬᠢᠨᠢ ᠭᠢᠯᠠᠰᠬᠤ ᠠᠶᠢᠵᠠᠮ ᠢᠶᠠᠷ | ᠬᠦᠰᠡᠯ ᠤᠨ ᠭᠡᠭᠡ ᠳᠤ ᠠᠳᠤᠭᠤᠴᠢᠨ ᠮᠦᠰᠢᠶᠡᠬᠦᠢ | ᠵᠢᠰᠦᠮ ᠢᠯᠭᠠᠷᠠᠬᠤ ᠰᠳᠤᠭᠤᠳ ᠤᠨ ᠪᠠᠷ᠎ᠠ ᠳᠤ | ᠵᠡᠷᠭᠡᠯᠭᠡᠨ ᠤ ᠠᠭᠤᠯᠠᠰ ᠤᠷᠠᠨ ᠵᠢᠷᠤᠭ ᠳᠡᠯᠭᠡᠵᠦ | ᠵᠢᠷᠭᠢᠨ ᠪᠦᠵᠢᠭᠯᠡᠯᠳᠦᠬᠦ ᠣᠰᠣᠨ ᠤ ᠰᠢᠪᠠᠭᠤᠳ ᠨᠢ | ᠵᠢᠷᠪᠢᠰ ᠵᠢᠷᠪᠢᠰ ᠡᠷᠬᠢᠴᠡᠨ ᠳᠡᠪᠳᠡᠷᠢᠨ ᠬᠠᠯᠢᠬᠤᠢ | | | |