ᠵᠢᠭᠠᠰᠤ ᠠᠷᠪᠢᠨ ᠢᠳᠡᠪᠡᠯ ᠪᠡᠶ᠎ᠡ ᠳᠤ ᠰᠠᠶᠢᠨ᠂ ᠭᠡᠪᠡᠴᠦ ᠡᠨᠡ ᠭᠤᠷᠪᠠᠨ ᠵᠦᠢᠯ ᠤᠨ ᠵᠢᠭᠠᠰᠤ ᠶᠢ ᠢᠳᠡᠬᠦ ᠦᠭᠡᠢ ᠪᠣᠯ ᠬᠠᠮᠤᠭ ᠰᠠᠶᠢᠨ︕
ᠨᠡᠶᠢᠲᠡᠯᠡᠭᠰᠡᠨ ᠴᠠᠭ᠄
2023/4/19
        1. ᠵᠢᠭᠠᠰᠤᠨ ᠤ ᠴᠤᠤᠬ᠎ᠠ                ᠣᠯᠠᠩᠬᠢ ᠦᠶ᠎ᠡ ᠳᠤ᠂ ᠪᠢᠳᠡ ᠵᠢᠭᠠᠰᠤ ᠬᠤᠳᠠᠯᠳᠤᠨ ᠠᠪᠬᠤ ᠳᠤ ᠵᠢᠭᠠᠰᠤ ᠶᠢ ᠠᠷᠢᠯᠭᠠᠴᠢᠬᠰᠠᠨ ᠮᠦᠷᠳᠡᠭᠡᠨ  ᠴᠤᠤᠬ᠎ᠠ‌ᠵᠢ ᠨᠢ ᠠᠪᠴᠤ ᠬᠠᠶᠠᠬᠰᠠᠨ ᠪᠠᠶᠢᠳᠠᠭ᠂  ᠭᠡᠳᠡᠯ᠎ᠡ  ᠤᠭᠤᠷᠠᠭ ᠤᠨ  ᠠᠭᠤᠯᠤᠭᠳᠠᠴᠠ ᠠᠴᠠ  ᠠᠪᠴᠤ  ᠬᠡᠯᠡᠪᠡᠯ᠂  ᠵᠢᠭᠠᠰᠤᠨ  ‍ᠤ‌‍ᠴᠤᠤᠬ᠎ᠠ ᠶᠢᠨ ᠳᠣᠲᠣᠷᠠᠬᠢ ᠤᠭᠤᠷᠠᠭ ᠤᠨ ᠠᠭᠤᠯᠤᠭᠳᠠᠴᠠ ᠨᠢ ᠨᠡᠯᠢᠶᠡᠳ ᠥᠨᠳᠥᠷ᠂ 76% —79  % ᠶᠢᠨ  ᠬᠤᠭᠤᠷᠣᠨᠳᠣ‌‍ᠪᠠᠶᠢᠳᠠᠭ᠂  ᠬᠡᠪᠡᠴᠦ  ᠥᠭᠡᠬᠦᠨ ᠤ  ᠠᠭᠤᠯᠤᠭᠳᠠᠴᠠ ᠨᠢ   ᠨᠡᠯᠢᠶᠡᠳ   ᠳᠤᠤᠷ᠎ᠠ᠂   ᠰᠥᠰᠥᠨ ᠤ   ᠭᠤᠨᠠᠨ   ᠠᠯᠺᠣᠣᠯ ‍ᠤᠨ‌ᠠᠭᠤᠯᠤᠭᠳᠠᠴᠠ ᠨᠢ ᠴᠦ ᠥᠨᠳᠥᠷ ᠪᠢᠰᠢ ᠪᠠᠶᠢᠳᠠᠭ ᠪᠦᠭᠡᠳ ᠮᠢᠬᠠᠨ ᠤ ᠴᠢᠨᠠᠷ ᠨᠢ ᠨᠡᠯᠢᠶᠡᠳ ᠵᠦᠭᠡᠷ ᠬᠡᠰᠡᠭ ᠪᠣᠯᠤᠨ᠎ᠠ᠃                2. ᠵᠢᠭᠠᠰᠤᠨ ᠤ ᠲᠣᠯᠣᠭᠠᠢ                ᠵᠢᠭᠠᠰᠤᠨ ᠤ ᠲᠣᠯᠣᠭᠠᠶ ᠶᠢᠨ ᠰᠢᠮ᠎ᠡ ᠲᠡᠵᠢᠭᠡᠯ ᠨᠢ ᠨᠡᠯᠢᠶᠡᠳ ᠥᠨᠳᠥᠷ᠂ ᠤᠭᠤᠷᠠᠭ᠂  ᠺᠠᠯᠼ᠂  ᠹᠣᠰᠹᠣᠷ᠂  ᠲᠡᠮᠦᠷ᠂ᠸᠢᠲ᠋ᠠᠮᠢᠨ B1 ᠵᠡᠷᠭᠡ ᠣᠯᠠᠨ ᠵᠦᠢᠯ ᠤᠨ ᠰᠢᠮ᠎ᠡ ᠲᠡᠵᠢᠭᠡᠯ ᠤᠨ ᠡᠯᠧᠮᠧᠨ᠋ᠲ ᠠᠭᠤᠯᠵᠤ ᠪᠠᠶᠢᠳᠠᠭ᠃                ᠪᠢᠳᠡᠨ ᠤ ᠦᠷᠭᠦᠯᠵᠢ ᠢᠳᠡᠳᠡᠭ ᠶᠠᠷᠮ᠎ᠠ ᠵᠢᠭᠠᠰᠤᠨ ᠤ ᠲᠣᠯᠣᠭᠠᠶ ︵ᠲᠠᠷᠭᠤᠨ ᠲᠣᠯᠣᠭᠠᠶᠢᠲᠤ ᠵᠢᠭᠠᠰᠤ︶ ᠪᠠᠷ ᠵᠢᠱᠢᠶᠡᠯᠡᠬᠦ‌‍ᠳᠤ᠂ ᠲᠡᠭᠦᠨ ᠤ ᠲᠣᠯᠣᠭᠠᠶ ᠶᠢᠨ ᠤᠭᠤᠷᠠᠭ ᠤᠨ ᠠᠭᠤᠯᠤᠭᠳᠠᠴᠠ ᠨᠢ 18.32 % ᠲᠤ ᠬᠦᠷᠴᠦ ᠪᠠᠶᠢᠬᠤ ᠪᠦᠭᠡᠳ ᠡᠭᠦᠨ ᠡᠴᠠ‌ᠭᠠᠳᠠᠨ᠎ᠠ ᠲᠣᠯᠣᠭᠠᠶ ᠳᠤᠨᠢ ᠪᠠᠰᠠ ᠬᠠᠨᠤᠮᠠᠯ ᠪᠤᠰᠤ ᠥᠭᠡᠬᠦᠨ ᠬᠦᠴᠢᠯ᠂ ᠹᠣᠰᠹᠣᠷᠲᠤ ᠥᠭᠡᠬᠦᠨ ᠤ ᠲᠥᠷᠥᠯ ᠤᠨ  ᠪᠣᠳᠠᠰ  ᠡᠯᠪᠡᠭ‌ᠠᠭᠤᠯᠵᠤ ᠪᠠᠶᠢᠳᠠᠭ᠂ ᠡᠨᠡ ᠨᠢ ᠨᠢᠯᠬ᠎ᠠ ᠬᠡᠦᠬᠡᠳ ᠤᠨ ᠶᠡᠭᠡ ᠲᠠᠷᠢᠬᠢᠨ ᠤ  ᠪᠤᠶᠢᠵᠢᠯᠲᠠ ᠳᠤ  ᠠᠰᠢᠭᠲᠠᠶ  ᠪᠦᠭᠡᠳ  ᠠᠯᠽᠧᠶᠢᠮᠧᠷ‌ᠡᠪᠡᠳᠴᠢᠨ ᠢ ᠰᠠᠶᠢᠵᠢᠷᠠᠭᠤᠯᠬᠤ ᠳᠤ ᠲᠤᠰᠠᠯᠠᠳᠠᠭ᠃                ᠠᠩᠬᠠᠷᠤᠭᠤᠰᠢᠳᠠᠢ ᠨᠢ᠄ ᠵᠢᠭᠠᠰᠤᠨ ᠤ ᠲᠣᠯᠣᠭᠠᠶ ᠶᠢᠨ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ  ᠨᠡᠯᠢᠶᠡᠳ‌ᠥᠨᠳᠥᠷ ᠪᠣᠯᠬᠤᠷ ᠢᠳᠡᠬᠦ ᠬᠡᠮᠵᠢᠶ᠎ᠡ  ᠪᠠᠨ ᠬᠢᠵᠠᠭᠠᠷᠯᠠᠬᠤ ᠬᠡᠷᠡᠭᠲᠡᠶ᠃                3. ᠵᠢᠭᠠᠰᠤᠨ ᠤ ᠠᠷᠠᠰᠤ                ᠤᠭᠤᠷᠠᠭ ᠤᠨ ᠠᠭᠤᠯᠤᠭᠳᠠᠴᠠ ᠨᠢ ᠨᠡᠯᠢᠶᠡᠳ ᠡᠯᠪᠡᠭ ᠪᠠᠶᠢᠵᠤ᠂ 30% ᠣᠷᠴᠢᠮ ᠬᠦᠷᠴᠦ ᠪᠠᠶᠢᠬᠤ ᠪᠦᠭᠡᠳ ᠪᠠᠰᠠ‌‍ᠴᠠᠪᠠᠤᠯᠢᠭ ᠤᠭᠤᠷᠠᠭ ᠡᠯᠪᠡᠭ ᠠᠭᠤᠯᠵᠤ ᠪᠠᠶᠢᠳᠠᠭ᠂ ᠤᠯᠠᠭᠠᠨ ᠲᠤᠯᠪᠠᠭ᠎ᠠ ᠵᠢᠭᠠᠰᠤ ᠪᠠᠷ ᠵᠢᠱᠢᠶᠡᠯᠡᠬᠦ ᠳᠤ᠂ ᠲᠡᠭᠦᠨ ᠤ  ᠬᠠᠯᠢᠰᠤᠨ‌‍ᠲ᠋ᠣᠲᠣᠷᠠᠬᠢ ᠴᠠᠪᠠᠤᠯᠢᠭ ᠤᠭᠤᠷᠠᠭ ᠤᠨ ᠠᠭᠤᠯᠤᠭᠳᠠᠴᠠ ᠨᠢ 80% ᠠᠴᠠ ᠳᠡᠭᠡᠭᠰᠢ ᠪᠠᠶᠢᠳᠠᠭ᠃                ᠠᠩᠬᠠᠷᠤᠭᠤᠰᠢᠳᠠᠢ ᠨᠢ᠄ ᠵᠢᠭᠠᠰᠤᠨ ᠤ ᠰᠥᠰᠥ ᠶᠢ ᠶᠠᠭᠠᠬᠢᠭᠰᠠᠨ ᠴᠤ  ᠢᠳᠡᠵᠦ  ᠪᠤᠯᠬᠤ  ᠦᠭᠡᠢ︕  ᠵᠢᠭᠠᠰᠤᠨ  ‍ᠤ‌‍ᠰᠥ᠋ᠰᠥᠨ ᠳᠤ ᠶᠡᠭᠡ ᠬᠡᠮᠵᠢᠶᠡᠨ ᠤ ᠰᠥᠰᠥᠨ ᠳᠠᠪᠤᠰᠤ᠂ ᠬᠤᠣᠷᠲᠤ ᠡᠳ᠋ ᠪᠠ ᠨᠡᠬᠡᠳᠡᠰᠦ ᠶᠢᠨ  ᠠᠮᠢᠨ  ᠠᠭᠤᠯᠤᠭᠳᠠᠵᠤ  ᠪᠠᠶᠢᠳᠠᠭ‌‍ᠪᠤᠯᠬᠤᠷ ᠠᠳᠡᠭᠦᠷᠡᠨ ᠢᠳᠡᠪᠡᠯ ᠪᠥᠭᠡᠷ᠎ᠡ ᠶᠢ ᠮᠠᠭᠤᠳᠠᠭᠤᠯᠬᠤ ᠪᠤᠶᠤ ᠡᠯᠢᠭᠡᠨ ᠡᠪᠡᠳᠴᠢᠨ ᠡᠭᠦᠰᠭᠡᠵᠦ ᠮᠡᠳᠡᠨ᠎ᠡ᠂ ᠴᠢᠨᠠᠬᠰᠢᠯᠠᠪᠠᠯ ᠠᠮᠢ‌ᠨᠠᠰᠤᠨ ᠤ ᠠᠶᠤᠯ ᠲᠠᠢ ᠶᠤᠮ᠂ ᠡᠶᠢᠮᠦ ᠠᠴᠠ ᠶᠠᠭᠠᠬᠢᠭᠰᠠᠨ ᠴᠤ ᠢᠳᠡᠵᠦ ᠪᠣᠯᠬᠤ ᠦᠭᠡᠶ︕                ᠭᠠᠷᠠᠭ ᠲᠤ ᠬᠡᠳᠦᠢ ᠵᠢᠭᠠᠰᠤ ᠢᠳᠡᠪᠡᠯ ᠵᠣᠬᠢᠯᠳᠠᠢ ᠪᠤᠢ︖                ︽ᠳᠤᠮᠳᠠᠳᠤ  ᠤᠯᠤᠰ ᠤᠨ  ᠰᠠᠭᠤᠭᠠᠯᠢ  ᠠᠷᠠᠳ ᠤᠨ  ᠢᠳᠡᠭᠡᠨ   ᠤᠮᠳᠠᠭᠠᠨ ᠤ   ᠵᠦᠭᠯᠡᠭᠦᠷ   ︵2022︶︾ ᠢ‌ᠦᠨᠳᠦᠰᠦᠯᠡᠪᠡᠯ᠂ ᠭᠠᠷᠠᠭ ᠲᠤ 2 ᠤᠳᠠᠭ᠎ᠠ ᠵᠢᠭᠠᠰᠤ ᠢᠳᠡᠬᠦ ᠪᠤᠶᠤ 300 ~ 500 ᠭᠷᠠᠮ ᠵᠢᠭᠠᠰᠤ ᠢᠳᠡᠪᠡᠯ ᠬᠠᠮᠤᠭ ᠰᠠᠶᠢᠨ‌‍ᠭᠡᠵᠡᠢ᠃                ᠵᠢᠭᠠᠰᠤᠨ ᠤ ᠮᠢᠬ᠎ᠠ ᠢᠳᠡᠬᠦ ᠪᠠᠨ  ᠵᠣᠬᠢᠬᠤ  ᠬᠡᠮᠵᠢᠶ᠎ᠡ ᠪᠠᠷ  ᠨᠡᠮᠡᠭᠳᠡᠭᠦᠯᠪᠡᠯ  ᠪᠠᠰᠠ  ᠨᠠᠰᠤᠨ ᠳᠤ  ᠬᠦᠷᠦᠭᠰᠡᠳ ‍ᠤᠨ‌‍ᠲ᠋ᠠᠷᠢᠬᠢᠨ ᠰᠠ ᠳᠤ ᠳᠠᠭᠠᠷᠢᠬᠳᠠᠬᠤ ᠲᠦᠭᠰᠢᠭᠦᠷᠢ ᠶᠢ ᠪᠠᠭᠠᠰᠬᠠᠵᠤ ᠴᠢᠳᠠᠨ᠎ᠠ᠃ ᠵᠢᠭᠠᠰᠤᠨ ᠤ ᠮᠢᠬ᠎ᠠ ᠶᠢ ᠢᠯᠡᠭᠦᠬᠡᠨ ᠰᠢᠭ  ᠢᠳᠡᠪᠡᠯ‌ᠢᠳᠡᠷ ᠥᠲᠡᠯᠦᠭᠡ ᠨᠠᠰᠤᠨ ᠤ ᠬᠦᠮᠦᠰ ᠤᠨ ᠠᠯᠽᠧᠶᠢᠮᠧᠷ ᠡᠪᠡᠳᠴᠢᠨ ᠵᠢᠴᠢ ᠲᠠᠨᠢᠨ ᠮᠡᠳᠡᠬᠦᠶ ᠶᠢᠨ ᠴᠢᠳᠠᠮᠵᠢ ᠶᠢᠨ  ᠰᠠᠭᠠᠲᠠᠯ ‍ᠤᠨ‌ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠤᠷᠠᠭᠤᠯᠵᠤ ᠴᠢᠳᠠᠨ᠎ᠠ᠃                ᠡᠨᠡ 3 ᠵᠦᠢᠯ ᠤᠨ ᠵᠢᠭᠠᠰᠤ ᠶᠢ ᠢᠳᠡᠬᠦ ᠦᠭᠡᠶ ᠪᠣᠯ ᠰᠠᠶᠢᠨ                1. ᠴᠢᠨᠠᠵᠤ ᠪᠤᠯᠭᠤᠬᠰᠠᠨ ᠥᠬᠡᠶ ᠵᠢᠭᠠᠰᠤ                2. ᠲᠣᠰᠣᠨ ᠳᠤ ᠭᠡᠳᠦ ᠪᠤᠴᠠᠯᠭᠠᠭᠰᠠᠨ ᠵᠢᠭᠠᠰᠤ                3. ᠳᠠᠪᠤᠰᠤᠯᠠᠭᠰᠠᠨ ᠵᠢᠭᠠᠰᠤ
ᠢᠷᠡᠯᠲᠡ᠄ ᠠᠷᠠᠳ ᠤᠨ ᠰᠦᠯᠵᠢᠶ᠎ᠡ