ᠨᠡᠬᠦᠳᠡᠯ ᠤᠨ ᠰᠢᠪᠠᠭᠤᠳ
ᠨᠡᠶᠢᠲᠡᠯᠡᠭᠰᠡᠨ ᠴᠠᠭ᠄
2023/4/18
                                                                ᠬᠦᠩᠭᠠᠷ       ᠬᠠᠯᠠᠭᠤᠨ ᠤᠷᠤᠨ ᠳᠤ ᠡᠪᠦᠯᠵᠢᠵᠤ ᠠᠮᠠᠷᠠᠭᠠᠳ       ᠬᠠᠷᠢᠭᠠᠳ ᠢᠷᠡᠳᠡᠭ ᠨᠡᠬᠦᠳᠡᠯ ᠤᠨ ᠰᠢᠪᠠᠭᠤᠳ ᠡ       ᠬᠠᠶᠢᠯᠬᠤ ᠴᠠᠰᠤᠨ ᠳᠤ ᠴᠢᠮᠡᠭᠡ ᠰᠤᠨᠤᠷᠳᠠᠭᠠᠳ       ᠬᠠᠨᠠᠭᠠᠷ ᠨᠤᠳᠤᠭ ᠲᠠᠭᠠᠨ ᠪᠤᠴᠠᠳᠠᠭ ᠰᠢᠪᠠᠭᠤᠳ ᠡ︕       ᠦᠰᠦᠭᠰᠡᠨ ᠨᠤᠳᠤᠭ ᠨᠢ ᠡ᠊ᠨᠳᠡ ᠪᠤᠯᠬᠤᠷ        ᠡᠷᠬᠢᠭᠡᠳ ᠢᠷᠡᠳᠡᠭ ᠨᠡᠬᠦᠳᠡᠯ ᠤᠨ ᠰᠢᠪᠠᠭᠤᠳ ᠡ       ᠦᠯᠦᠭᠡᠶᠢᠳᠡᠭᠰᠡᠨ ᠬᠠᠶᠢᠷ᠎ᠠ ᠨᠢ ᠲᠡᠬᠦᠰ ᠪᠤᠯᠬᠤᠷ       ᠡᠬᠦᠷᠢᠳᠡ ᠮᠠᠷᠳᠠᠳᠠᠭ ᠦᠭᠡᠢ ᠨᠡᠬᠦᠳᠡᠯ ᠤᠨ ᠰᠢᠪᠠᠭᠤᠳ ᠡ︕       ᠬᠦᠭᠡ ᠮᠦᠩᠬᠦᠨ ᠲᠡᠭᠷᠢ ᠶᠢᠨ ᠲᠤᠤᠭᠤᠷ       ᠬᠦᠭᠡᠮᠡᠢ ᠠᠶᠠᠯᠵᠤ ᠨᠡᠬᠦᠳᠡᠭ ᠰᠢᠪᠠᠭᠤᠳ ᠡ       ᠬᠦᠰᠡᠯ ᠤᠨ ᠢᠷᠠᠭᠤ ᠡᠭᠡᠰᠢᠭ ᠤᠨ ᠲᠤᠮᠳᠠᠭᠤᠷ       ᠬᠦᠪᠦᠷᠡᠭᠰᠡᠨ ᠨᠤᠳᠤᠭ ᠲᠠᠭᠠᠨ ᠪᠠᠭᠤᠳᠠᠭ ᠰᠢᠪᠠᠭᠤᠳ ᠡ︕       ᠢᠷᠡᠬᠦ ᠵᠤᠨ ᠳᠠᠭᠠᠨ ᠲᠠᠭᠤᠴᠢᠨ ᠪᠤᠯᠤᠯᠴᠠᠭᠠᠳ       ᠢᠵᠢᠯᠢᠳᠤᠨ ᠲᠠᠰᠤᠯᠴᠠᠭᠠᠳ ᠴᠡᠩᠭᠡᠳᠡᠭ ᠰᠢᠪᠠᠭᠤᠳ ᠡ       ᠡᠷᠬᠢᠬᠦ ᠮᠠᠷᠭᠠᠰᠢ ᠳᠠᠭᠠᠨ ᠢᠳᠡᠭᠡᠯ ᠬᠠᠶᠠᠯᠴᠠᠭᠠᠳ       ᠡᠨᠡᠭᠡᠨ ᠨᠤᠳᠤᠭ ᠢᠶᠠᠨ ᠭᠤᠶᠤᠳᠠᠭ ᠰᠢᠪᠠᠭᠤᠳ ᠡ︕       ᠲᠠᠰᠤᠭᠰᠠᠨ ᠭᠤᠯᠤᠮᠳᠠ ᠨᠢ ᠡ᠊ᠨᠳᠡ ᠪᠤᠯᠬᠤᠷ       ᠲᠠᠯᠠᠢ ᠪᠠᠶᠠᠷ ᠲᠠᠢ ᠠᠮᠢᠳᠤᠷᠠᠳᠠᠭ ᠰᠢᠪᠠᠭᠤᠳ ᠡ       ᠲᠠᠩᠰᠤᠭ ᠨᠤᠳᠤᠭ ᠤᠨ ᠡᠯᠢᠭᠡᠨ ᠲᠡᠭᠡᠷ᠎ᠡ ᠪᠠᠨ       ᠲᠠᠶᠢᠪᠤᠩ ᠵᠢᠷᠭᠠᠳᠠᠭ ᠠᠮᠤᠭᠤᠯᠠᠩᠳᠤ ᠰᠢᠪᠠᠭᠤᠳ ᠡ︕       ᠨᠠᠮᠤᠷ ᠤᠨ ᠰᠡᠷᠢᠬᠦᠨ᠎ᠡ ᠨᠡᠭᠦᠳᠡᠭ ᠪᠤᠯᠪᠠᠴᠤ       ᠬᠠᠪᠤᠷ ᠤᠨ ᠤᠷᠢᠨ ᠢᠶᠠᠷ ᠬᠠᠷᠢᠳᠠᠭ ᠰᠢᠪᠠᠭᠤᠳ ᠡ        ᠨᠠᠰᠤᠨ ᠦᠳᠡᠯᠪᠠᠴᠤ ᠰᠠᠨᠠᠳᠠᠭ ᠨᠤᠳᠤᠭ ᠲᠠᠢ ᠪᠠᠨ       ᠬᠠᠶᠢᠷ᠎ᠠ ᠶᠢᠨ ᠵᠠᠶᠠᠭ᠎ᠠ ᠬᠤᠯᠪᠤᠭᠰᠠᠨ ᠰᠢᠪᠠᠭᠤᠳ ᠡ︕       ᠨᠤᠳᠤᠭ ᠭᠡᠵᠦ ᠦᠮᠴᠢᠷᠭᠡᠨ ᠪᠠᠶᠢᠳᠠᠭ ᠤᠨ ᠤᠴᠢᠷ       ᠬᠠᠶᠢᠷ᠎ᠠ ᠪᠠᠨ ᠦᠯᠡᠳᠡᠭᠡᠵᠦ ᠨᠡᠭᠦᠳᠡᠭ ᠪᠠᠶᠢᠯᠬᠦᠢ       ᠨᠤᠳᠤᠭ ᠭᠡᠵᠦ ᠨᠢᠭᠡ ᠯᠠ ᠤᠯᠳᠠᠳᠠᠭ ᠤᠨ ᠤᠴᠢᠷ       ᠬᠠᠪᠤᠷ ᠤᠨ ᠤᠷᠢᠨ ᠢᠶᠠᠷ ᠢᠷᠡᠳᠡᠭ ᠪᠠᠶᠢᠯᠬᠦᠢ︕       ᠨᠤᠳᠤᠭ ᠲᠠᠢ ᠪᠠᠨ ᠪᠤᠯ ᠪᠠᠶᠠᠨ ᠪᠠᠶᠢᠳᠠᠭ       ᠨᠤᠳᠤᠭ ᠲᠠᠭᠠᠨ ᠪᠤᠯ ᠠᠮᠤᠭᠤᠯᠠᠩ ᠪᠠᠶᠢᠳᠠᠭ       ᠨᠤᠳᠤᠭ ᠭᠡᠵᠦ ᠪᠦᠷᠢᠯᠸ᠎ᠠ ᠪᠠᠶᠢᠳᠠᠭ       ᠨᠤᠳᠤᠭ ᠭᠡᠵᠦ ᠳ᠋ᠧᠪᠠᠵᠠᠨ ᠪᠠᠶᠢᠳᠠᠭ ᠡ︕
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ