ᠠᠬᠠᠮᠠᠳ ᠤᠶᠠᠭᠠᠴᠢᠳ ᠤᠨ ᠬᠦᠰᠡᠯ ᠪᠠᠷᠢᠮᠳᠠᠯᠠᠯ
ᠨᠡᠶᠢᠲᠡᠯᠡᠭᠰᠡᠨ ᠴᠠᠭ᠄
2023/4/11
        ᠠᠮᠢᠯᠠᠯ ᠪᠢᠯᠬᠠᠭᠰᠠᠨ ᠬᠠᠪᠤᠷ ᠤᠨ ᠡᠬᠢᠨ ᠤ ᠡᠳᠤᠷ᠂ ᠬᠦᠭᠵᠢᠯ ᠤᠨ ᠤᠶᠠᠩᠭ᠎ᠠ ᠴᠤᠤᠷᠢᠶᠠᠳᠤᠭᠰᠠᠨ ᠲᠤᠭ ᠪᠠᠯᠭᠠᠰᠤᠨ ᠤ ᠲᠤᠪᠤᠭ ᠭᠠᠴᠠᠭᠠᠨ ᠳᠤ ᠬᠤᠯᠠ ᠤᠶᠢᠷ᠎ᠠ ᠠᠴᠠ ᠬᠦ᠋ᠷᠤᠯᠴᠡᠨ ᠢᠷᠡᠭᠰᠡᠨ ᠪᠤᠶᠠᠨᠳᠤ ᠪᠤᠭᠤᠷᠤᠯᠴᠤᠳ ᠴᠤᠭᠯᠠᠷᠠᠭᠠᠳ ᠬᠦᠷ ᠨᠠᠶᠢᠷ ᠴᠠᠯᠭᠢᠵᠤ ᠬᠦᠭᠵᠢᠶᠡᠨ ᠨᠠᠷᠬᠢᠶᠠᠨ ᠪᠣᠯᠤᠯ᠎ᠠ᠃ ᠤᠷᠳᠤᠰ ᠬᠤᠳᠠ ᠶᠢᠨ 65 ᠨᠠᠰᠤᠨ ᠠᠴᠠ ᠲᠡᠭᠡᠭᠰᠢᠭᠢ ᠠᠬᠠᠮᠠᠳ ᠤᠶᠠᠭᠠᠴᠢᠳ ᠤᠨ ᠨᠠᠶᠢᠷ ᠪᠤᠯᠬᠤ ᠡᠨᠡ ᠤᠳᠠᠭᠠᠨ ᠤ ᠮᠤᠷᠢᠨ ᠤᠷᠤᠯᠳᠤᠭᠠᠨ ᠳᠤ ᠡᠯ᠎ᠡ ᠬᠤᠰᠢᠭᠤ ᠲᠤᠭᠤᠷᠢᠭ ᠤᠨ ᠠᠬᠠᠮᠠᠳ ᠤᠶᠠᠭᠠᠴᠢᠳ ᠮᠠᠨᠢ ᠲᠤᠭ ᠪᠠᠯᠭᠠᠰᠤᠨ ᠤ ᠲᠤᠪᠤᠭ ᠭᠠᠴᠠᠭᠠᠨ ᠤ ᠮᠤᠷᠢᠨ ᠤᠷᠤᠯᠳᠤᠭᠠᠨ ᠤ ᠲᠠᠯᠠᠪᠠᠢ ᠳᠤ ᠬᠦᠷᠦᠯᠴᠡᠨ ᠢᠷᠡᠵᠡᠭᠡᠵᠦ᠂ ᠡᠨᠡ ᠡᠳᠤᠷ ᠤᠨ ᠤᠷᠤᠯᠳᠤᠭᠠᠨ ᠳᠤ ᠵᠢᠷᠤᠭ᠎ᠠ ᠮᠣᠷᠢᠳ ᠤᠨ ᠢᠶᠠᠨ ᠰᠢᠨᠳᠠᠰᠤ ᠶᠢ ᠰᠢᠯᠭᠠᠵᠤ᠂ ᠰᠡᠳᠭᠢᠯ ᠢᠶᠠᠨ ᠪᠠᠶᠠᠰᠬᠠᠶ᠎ᠠ ᠬᠡᠮᠡᠬᠦ ᠪᠤᠳᠤᠯ ᠡᠪᠦᠷᠯᠡᠵᠤ ᠢᠷᠡᠭᠰᠡᠨ ᠨᠢ ᠴᠢᠷᠠᠢ ᠳᠤᠨᠢ ᠲᠤᠳᠤᠬᠠᠨ ᠬᠠᠷᠠᠭᠳᠠᠨ᠎ᠠ᠃         ᠶᠡᠷᠤ ᠨᠢ ᠮᠤᠩᠭᠤᠯ ᠭᠦᠮᠤᠨ ᠮᠤᠷᠢ ᠲᠠᠢ ᠰᠠᠶᠢᠬᠠᠨ᠂ ᠮᠤᠷᠢ ᠲᠠᠢ ᠪᠤᠯ ᠨᠠᠶᠢᠷ ᠰᠠᠶᠢᠬᠠᠨ ᠭᠡᠳᠡᠭᠴᠢᠯᠡᠨ ᠤᠳᠤᠮᠳᠤ ᠮᠤᠩᠭᠤᠯ ᠤᠨ ᠵᠠᠩᠰᠢᠯ ᠢᠶᠠᠷ ᠤᠴᠠᠷᠠᠨ ᠵᠣᠯᠭᠠᠬᠤ ᠶᠢᠨ ᠢᠷᠤᠭᠡᠯ ᠲᠤᠭᠳᠠᠭᠠᠨ᠂ ᠦᠤᠰᠢᠨᠵᠤᠤ ᠪᠠᠯᠭᠠᠰᠤᠨ ᠤ ᠦᠤᠰᠢᠨᠵᠤᠤ ᠭᠠᠴᠠᠭᠠᠨ ᠤ ᠮᠠᠯᠴᠢᠨ ᠠᠯᠳᠠᠠᠬᠤᠶᠠᠭ ᠤᠷᠳᠤᠰ ᠬᠤᠳᠠ ᠶᠢᠨ 65 ᠨᠠᠰᠤᠨ ᠠᠴᠠ ᠲᠡᠭᠡᠭᠰᠢᠭᠢ ᠠᠬᠠᠮᠠᠳ ᠤᠶᠠᠭᠠᠴᠢᠳ ᠤᠨ ᠬᠤᠶᠠᠳᠤᠭᠠᠷ ᠤᠳᠠᠭᠠᠨ ᠤ ᠬᠠᠮᠳᠤ ᠶᠢᠨ ᠵᠤᠯᠭᠠᠯᠳᠠ ᠶᠢᠨ ᠨᠠᠶᠢᠷ ᠢ ᠡᠷᠬᠢᠯᠡᠨ ᠬᠢᠵᠦ ᠪᠠᠶᠢᠭ᠎ᠠ ᠨᠢ ᠡᠨᠡ ᠪᠢᠯᠡ᠃     ᠲᠦᠷᠦᠭᠡᠨ ᠲᠠᠭᠤᠨ ᠳᠤ ᠪᠠᠶᠠᠷ ᠴᠠᠯᠭᠢᠵᠤ᠂ ᠲᠦᠪᠡᠷᠭᠡᠨ ᠲᠠᠭᠤᠨ ᠳᠤ ᠵᠢᠷᠭᠠᠯ ᠬᠠᠯᠭᠢᠳᠠᠭ᠂ ᠤᠶᠠᠭ᠎ᠠ ᠲᠤᠭᠤᠷᠢᠨ ᠴᠠᠪᠴᠢᠯᠠᠨ ᠦᠤᠷᠰᠡᠵᠤ ᠪᠤᠢ ᠪᠦᠷᠢᠨ ᠵᠠᠰᠠᠯ ᠲᠠᠢ ᠦᠩᠭᠡ ᠪᠤᠯᠢᠶᠠᠯᠳᠤᠨ ᠵᠢᠭᠳᠡᠷᠡᠬᠦ ᠦᠤᠰᠢᠨ ᠠᠳᠤᠭᠤᠳ ᠤᠶᠠᠭᠠᠴᠢᠳ ᠤᠨ ᠪᠠᠭᠠᠷᠬᠠᠯ ᠢ ᠲᠡᠭᠳᠠᠬᠡᠵᠤ ᠤᠷᠮ᠎ᠠ ᠶᠢ ᠨᠢ ᠰᠡᠷᠭᠦᠭᠡᠵᠦ ᠪᠠᠶᠢᠬᠤ ᠨᠢ ᠲᠤᠳᠤᠬᠠᠨ᠃ ᠠᠭᠲᠠ ᠬᠦᠯᠦᠭ ᠤᠨ ᠲᠠᠪᠬᠢᠯᠳᠠ ᠳᠤ ᠬᠡᠶᠢᠮᠤᠷᠢ ᠪᠠᠨ ᠰᠡᠷᠭᠦᠭᠡᠵᠦ᠂ ᠠᠳᠤᠭᠤ ᠮᠠᠯ ᠤᠨ ᠲᠠᠭᠤᠨ ᠢᠶᠠᠷ ᠠᠮᠢᠳᠤᠷᠠᠯ ᠢᠶᠠᠨ ᠰᠡᠷᠭᠦᠭᠡᠳᠡᠭ ᠮᠤᠩᠭᠤᠯᠴᠤᠳ ᠮᠤᠷᠢᠨ ᠤ ᠪᠠᠨ ᠲᠤᠬᠠᠢ ᠬᠠᠯᠠᠭᠤᠨ ᠵᠤᠭᠤᠭ ᠲᠡᠯᠭᠡᠵᠦ᠂ ᠮᠤᠷᠢᠨ ᠤ ᠲᠤᠬᠠᠢ ᠦᠯᠢᠭᠡᠷ ᠳᠤᠮᠤᠭ ᠬᠠᠶᠢᠯᠠᠵᠤ᠂ ᠮᠤᠷᠢᠳ ᠢᠶᠠᠨ ᠬᠠᠷᠠᠨ ᠰᠠᠭᠤᠬᠤ ᠪᠠᠷ ᠬᠡᠶᠢᠮᠤᠷᠢ ᠨᠢ ᠰᠡᠷᠭᠦᠵᠦ᠂ ᠴᠤᠭ ᠵᠤᠯᠪᠤᠭ᠎ᠠ ᠨᠢ ᠮᠠᠨᠳᠤᠳᠠᠭ ᠰᠠᠨ᠃        ᠤᠶᠠᠭᠠᠴᠢᠳ ᠨᠠᠶᠢᠷ ᠡᠬᠢᠯᠡᠭᠦ ᠠᠴᠠ ᠡᠮᠤᠨ᠎ᠠ ᠵᠤᠬᠢᠶᠠᠨ ᠪᠠᠶᠢᠭᠤᠯᠬᠤ ᠲᠤᠭᠤᠶᠢᠯᠡᠩ ᠤᠨ ᠬᠢᠨ ᠳᠤ ᠨᠡᠷ᠎ᠡ ᠪᠠᠨ ᠮᠡᠳᠡᠭᠦᠯᠦᠨ᠂ ᠰᠢᠪᠠᠭ᠎ᠠ ᠪᠠᠨ ᠰᠤᠭᠤᠯᠵᠤ᠂ ᠡᠨᠡ ᠡᠳᠤᠷ ᠤᠨ ᠤᠷᠤᠯᠳᠤᠭᠠᠨ ᠳᠤ ᠬᠡᠨ ᠬᠡᠨ ᠤ ᠶᠠᠮᠠᠷ ᠶᠠᠮᠠᠷ ᠵᠢᠰᠤᠮ ᠤᠨ ᠬᠤᠷᠳᠤᠨ ᠮᠣᠷᠢ ᠢᠷᠡᠪᠠ ᠤᠤ᠂ ᠬᠡᠨ ᠤ ᠮᠣᠷᠢ ᠲᠡᠷᠢᠭᠦᠯᠡᠭᠦ ᠪᠤᠯ ᠭᠡᠳᠡᠭ ᠢ ᠠᠩᠵᠠᠭᠠᠷᠠᠵᠤ ᠰᠠᠭᠤᠵᠠᠭᠠᠨ᠎ᠠ᠃     ᠡᠨᠡ ᠤᠳᠠᠭᠠᠨ ᠤ ᠨᠠᠶᠢᠷ ᠲᠤ ᠢᠷᠡᠭᠰᠡᠨ 60 ᠭᠠᠷᠤᠢ ᠤᠶᠠᠭᠠᠴᠢᠳ ᠤᠨ ᠮᠣᠷᠢ ᠨᠢ ᠪᠦᠷᠢᠨ ᠵᠠᠰᠠᠯ ᠲᠠᠢ ᠪᠠᠶᠢᠭ᠎ᠠ ᠨᠢ ᠤᠶᠠᠭᠠᠴᠢᠳ ᠤᠨ ᠮᠣᠷᠢ ᠪᠠᠨ ᠬᠠᠶᠢᠷᠠᠯᠠᠨ ᠴᠢᠮᠡᠵᠦ᠂ ᠠᠷᠠᠴᠢᠯᠠᠨ ᠲᠤᠳᠤᠮᠳᠠᠬᠤ ᠳᠠᠭᠠᠨ ᠶᠡᠭᠡᠭᠡᠨ ᠬᠦᠴᠦ ᠬᠦᠯᠥᠰᠤ ᠪᠠᠨ ᠵᠠᠷᠤᠴᠠᠭᠤᠯᠤᠭᠰᠠᠨ ᠭᠡᠳᠡᠭ ᠨᠢ ᠢᠯᠡᠬᠡᠨ ᠃       ᠡᠬᠢᠯᠡᠯᠳᠡ ᠶᠢᠨ ᠶᠤᠰᠤᠯᠠᠯ ᠲᠡᠭᠡᠷ᠎ᠡ ᠡᠯ᠎ᠡ ᠬᠤᠰᠢᠭᠤ ᠲᠤᠭᠤᠷᠢᠭ ᠢᠶᠠᠷ ᠨᠢᠭᠡᠴᠢᠯᠡᠭᠰᠡᠨ ᠲᠥᠯᠥᠭᠡᠯᠡᠭᠴᠢᠳ ᠤᠨ ᠲᠤᠭᠤᠶᠢᠯᠠᠩ ᠲᠠᠯᠠᠪᠠᠢ ᠳᠤ ᠤᠷᠤᠵᠤ᠂ ᠵᠢᠷᠤᠭ᠎ᠠ ᠮᠣᠷᠢᠨ ᠤ ᠵᠠᠰᠠᠯ ᠵᠢᠮᠰᠡᠭ ᠪᠤᠶᠤ ᠤᠶᠠᠭᠠᠴᠢᠳ ᠤᠨ ᠵᠤᠯᠪᠤᠭ᠎ᠠ ᠶᠢ ᠬᠠᠷᠠᠭᠤᠯᠤᠯ᠎ᠠ᠃ ᠡᠨᠡ ᠤᠳᠠᠭᠠᠨ ᠤ ᠬᠠᠮᠳᠤ ᠶᠢᠨ ᠵᠤᠯᠭᠠᠯᠳᠠ ᠪᠠᠷ ᠵᠢᠷᠤᠭ᠎ᠠ ᠮᠤᠷᠢᠨ ᠤ ᠤᠷᠤᠯᠳᠤᠭᠠᠨ ᠢ ᠶᠠᠪᠤᠭᠳᠠᠭᠤᠯᠤᠭᠰᠠᠨ ᠨᠢ ᠠᠬᠠᠮᠠᠳ ᠨᠢᠭᠡ ᠦᠶ᠎ᠡ ᠶᠢᠨ ᠤᠶᠠᠭᠠᠴᠢᠳ ᠤᠨ ᠵᠢᠷᠤᠭ᠎ᠠ ᠮᠣᠷᠢ ᠠᠷᠠᠴᠢᠯᠠᠵᠤ ᠲᠤᠳᠤᠮᠳᠠᠬᠤ᠂ ᠰᠦᠢᠵᠦ ᠪᠤᠯᠪᠠᠰᠤᠷᠠᠭᠤᠯᠬᠤ ᠲᠤᠷᠰᠢᠯᠭ᠎ᠠ ᠪᠠᠨ ᠰᠤᠯᠢᠯᠴᠠᠬᠤ ᠰᠠᠶᠢᠬᠠᠨ ᠲᠠᠪᠴᠠᠩ ᠪᠤᠯᠵᠠᠢ᠃       ᠮᠤᠷᠢᠨ ᠳᠤ ᠠᠷᠭ᠎ᠠ ᠦᠭᠡᠢ ᠬᠠᠶᠢᠷᠠᠲᠠᠢ ᠪᠠᠨᠬᠳᠠᠢ ᠦᠤᠰᠢᠨᠵᠤᠤ ᠪᠠᠯᠭᠠᠰᠤᠨ ᠤ ᠪᠠᠶᠠᠠᠳᠤᠯᠤᠭᠠᠢ ᠭᠠᠴᠠᠭᠠᠨ ᠤ 80 ᠨᠠᠰᠤᠲᠠᠢ ᠮᠢᠳᠤᠪ ᠨᠠᠰᠤᠳᠠᠨ ᠡᠨᠡ ᠤᠳᠠᠭᠠᠨ ᠤ ᠤᠷᠤᠯᠳᠤᠭᠠᠨ ᠳᠤ ᠤᠷᠤᠯᠴᠠᠵᠤ ᠪᠠᠶᠢᠭ᠎ᠠ ᠬᠠᠮᠤᠭ ᠤᠨ ᠦᠨᠳᠤᠷ ᠨᠠᠰᠤᠳᠠᠢ ᠤᠶᠠᠭᠠᠴᠢ ᠪᠠᠶᠢᠵᠤ᠂ ᠠᠷᠪᠠᠨ ᠭᠡᠳᠤᠨ ᠨᠠᠰᠤᠨ ᠠᠴᠠ ᠪᠠᠨ ᠠᠭᠲᠠ ᠶᠢᠨ ᠨᠢᠷᠤᠭᠤ ᠡᠯᠡᠭᠡᠵᠦ ᠶᠠᠪᠤᠭᠰᠠᠨ ᠨᠠᠰᠤᠲᠠᠨ ᠭᠤᠸᠠᠢ ᠥᠨᠥ ᠬᠡᠳᠦ᠋ᠪᠡᠷ ᠨᠠᠰᠤᠨ ᠬᠤᠳᠤᠭ ᠦᠨᠳᠤᠷ ᠪᠤᠯᠤᠭᠰᠠᠨ ᠴᠤ ᠮᠦᠨ ᠮᠣᠷᠢ ᠲᠠᠢ ᠪᠠᠨ ᠬᠠᠮᠳᠤ ᠤᠷᠤᠯᠳᠤᠭᠠᠨ ᠳᠤ ᠤᠷᠤᠯᠴᠠᠭᠰᠠᠭᠠᠷ ᠪᠠᠶᠢᠨ᠎ᠠ᠃ ᠮᠢᠳᠤᠪ ᠨᠠᠰᠤᠳᠠᠨ᠄ ︽ᠡᠨᠡ ᠤᠳᠠᠭ᠎ᠠ ᠨᠠᠰᠤᠳᠠᠶᠢᠴᠤᠳ ᠤᠨ ᠮᠤᠷᠢᠨ ᠤᠷᠤᠯᠳᠤᠭᠠᠨ ᠳᠤ ᠤᠷᠤᠯᠴᠠᠬᠤ ᠪᠠᠷ ᠢᠷᠡᠯ᠎ᠠ᠃ ᠠᠷᠪᠡᠨ ᠬᠡᠳᠤᠨ ᠨᠠᠰᠤᠨ ᠠᠴᠠ ᠪᠠᠨ ᠮᠤᠷᠢ ᠤᠨᠤᠭᠠᠳ ᠤᠳᠤ ᠨᠠᠶᠠ ᠪᠤᠯᠳᠠᠯ᠎ᠠ ᠲᠠᠪᠢ ᠵᠢᠷᠠᠨ ᠮᠤᠷᠢ ᠤᠨᠤᠵᠥ ᠲᠤᠳᠤᠮᠳᠠᠵᠥ ᠥᠡᠭᠭᠡᠷᠡᠭᠰᠡᠨ᠃ ᠲᠡᠬᠡᠭᠰᠡᠨ ᠴᠤ ᠨᠠᠰᠤ ᠶᠠᠪᠤᠭᠰᠠᠨ ᠳᠠᠭᠠᠨ ᠬᠤᠶᠢᠰᠢ ᠤᠬᠤᠷᠢᠵᠥ᠂ ᠮᠤᠷᠢ ᠠᠴᠠ ᠪᠠᠨ ᠵᠠᠶᠢᠳᠠᠭᠰᠠᠨ ᠥᠬᠡᠢ︾ ᠬᠡᠵᠥ ᠰᠶᠢᠳᠮᠡᠬᠡᠢ ᠶᠠᠷᠢᠯ᠎ᠠ᠃     ᠠᠳᠤᠭᠤᠨ ᠰᠤᠶᠤᠯ ᠪᠤᠯ ᠮᠤᠩᠭᠤᠯ ᠰᠤᠶᠤᠯ ᠤᠨ ᠰᠦᠭ ᠰᠦᠨᠡᠰᠦ ᠶᠢᠨ ᠨᠢᠭᠡ ᠪᠠᠶᠢᠵᠤ᠂ ᠦᠤᠰᠢᠨ ᠠᠳᠤᠭᠤ ᠪᠣᠯ ᠮᠣᠩᠭᠤᠯ ᠠᠳᠤᠭᠤᠨ ᠤ ᠰᠢᠯᠢᠳᠡᠭ ᠡᠭᠦᠯᠳᠡᠷ ᠪᠤᠯᠤᠨ᠎ᠠ᠃ ᠠᠳᠤᠭᠤᠨ ᠰᠤᠶᠤᠯ ᠳᠠᠭᠠᠨ ᠬᠠᠶᠢᠷᠠᠳᠠᠢ ᠦᠤᠰᠢᠨᠴᠤᠳ ᠮᠠᠨᠢ ᠦᠤᠰᠢᠨ ᠠᠳᠤᠭᠤ ᠪᠠᠨ ᠠᠷᠠᠴᠢᠯᠠᠨ ᠳᠣᠳᠣᠮᠳᠠᠵᠤ᠂ ᠤᠯᠠᠮᠵᠢᠯᠠᠨ ᠬᠦᠭᠵᠢᠭᠦᠯᠬᠦ ᠬᠡᠮᠡᠨ ᠬᠦᠴᠦᠯᠡᠭᠰᠡᠭᠡᠷ ᠢᠷᠡᠵᠦ᠂ ᠤᠰᠦᠨ ᠵᠢᠷᠤᠭ᠎ᠠ ᠮᠣᠷᠢ — ᠦᠤᠰᠢᠨ ᠠᠳᠤᠭᠤ ᠭᠡᠮᠡᠬᠦ ᠨᠡᠷ᠎ᠡ ᠳᠡᠮᠳᠡᠭᠳᠦ ᠦᠪᠦᠷ ᠮᠣᠩᠭᠤᠯ ᠤᠨ ᠦᠪᠡᠷᠳᠡᠭᠡᠨ ᠵᠠᠰᠠᠬᠤ ᠤᠷᠤᠨ ᠤ ᠳᠦᠷᠪᠡᠨ ᠶᠡᠭᠡ ᠠᠳᠣᠭᠤᠨ ᠦᠢᠯᠡᠰ ᠤᠨ ᠨᠢᠭᠡ ᠪᠤᠯᠵᠤ ᠵᠢᠭᠰᠠᠭᠠᠭᠳᠠᠭᠰᠠᠨ ᠨᠢ ᠮᠠᠨ ᠤ ᠠᠬᠠᠮᠠᠳ ᠦᠶ᠎ᠡ ᠶᠢᠨ ᠬᠢᠨ ᠤ ᠮᠣᠷᠢ ᠪᠠᠨ ᠰᠠᠶᠢᠨ ᠠᠷᠠᠴᠢᠯᠠᠵᠤ ᠰᠠᠶᠢᠬᠠᠨ ᠰᠣᠷᠭᠠᠵᠤ ᠢᠷᠡᠭᠰᠡᠨ ᠯᠦᠭᠡ ᠰᠠᠯᠵᠤ ᠴᠢᠳᠠᠬᠤ ᠦᠭᠡᠢ ᠬᠤᠯᠪᠤᠭ᠎ᠠ ᠲᠠᠢ ᠶᠤᠮᠰᠠᠨ᠃ ᠤᠶᠠᠭᠠᠴᠢᠳ ᠮᠠᠨᠢ ᠠᠳᠤᠭᠤ ᠠᠷᠠᠴᠢᠯᠠᠵᠤ ᠳᠤᠳᠤᠮᠳᠠᠬᠤ ᠳᠠᠯ᠎ᠠ ᠪᠠᠷ ᠲᠤᠷᠰᠢᠯᠭ᠎ᠠ ᠰᠤᠷᠭᠠᠮᠵᠢ ᠪᠠᠨ ᠰᠤᠯᠢᠯᠴᠠᠵᠤ᠂ ᠰᠢᠨ᠎ᠡ ᠴᠠᠭ ᠦᠶ᠎ᠡ ᠳᠤ ᠮᠤᠩᠭᠤᠯ ᠠᠳᠤᠭᠤᠨ ᠤ ᠦᠨᠢᠷ ᠦᠰᠤᠯᠳᠠ ᠶᠢᠨ ᠳᠤᠬᠠᠢ ᠰᠠᠨᠠᠯ ᠵᠦᠪᠯᠡᠯᠭᠡ ᠪᠠᠨ ᠲᠡᠯᠭᠡᠨ᠂ ᠴᠢᠨᠠᠭᠰᠢᠯᠠᠨ ᠬᠤᠶᠢᠴᠢ ᠨᠢᠭᠡᠨ ᠦᠶ᠎ᠡ ᠶᠢᠨ ᠬᠢᠨ ᠳᠡᠭᠡᠨ ᠠᠳᠤᠭᠤᠨ ᠰᠤᠶᠤᠯ ᠢᠶᠠᠨ ᠭᠡᠷᠬᠢᠨ ᠤᠶᠢᠯᠠᠭᠠᠭᠤᠯᠵᠤ ᠵᠠᠯᠭᠠᠮᠵᠢᠯᠠᠭᠤᠯᠬᠤ ᠪᠤᠢ ᠭᠡᠳᠡᠭ ᠨᠢ ᠠᠬᠠᠮᠠᠳ ᠨᠢᠭᠡ ᠦᠶ᠎ᠡ ᠶᠢᠨ ᠬᠢᠨ ᠤ ᠰᠠᠨᠠᠭᠠᠰᠢᠷᠠᠯ ᠪᠣᠳᠣᠯᠭᠠᠰᠢᠷᠠᠯ ᠪᠣᠯᠵᠤ᠂ ᠲᠡᠳᠡᠨ ᠤ ᠲᠤᠯᠭᠠᠷᠠᠵᠤ ᠪᠤᠢ ᠬᠠᠮᠤᠭ ᠤᠨ ᠬᠦᠨᠳᠦ ᠡᠭᠦᠷᠭᠡ ᠪᠣᠯᠵᠤ ᠪᠠᠶᠢᠭ᠎ᠠ ᠭᠡᠳᠡᠭ ᠨᠢ ᠲᠡᠳᠡᠨ ᠤ ᠶᠠᠷᠢᠯᠴᠠᠭᠠᠨ ᠤ ᠭᠤᠣᠯ ᠰᠡᠳᠦᠪ ᠪᠣᠯᠵᠤ ᠪᠠᠶᠢᠯ᠎ᠠ᠃       ᠠᠳᠤᠭᠤᠨ ᠰᠤᠶᠤᠯ ᠭᠡᠵᠦ ᠦᠶ᠎ᠡ ᠦᠶ᠎ᠡ ᠶᠢᠨ ᠬᠦᠮᠦᠰ ᠤᠨ ᠵᠢᠳᠭᠦᠯ ᠴᠢᠷᠮᠠᠶᠢᠯᠭ᠎ᠠ᠂ ᠨᠠᠮ ᠵᠠᠰᠠᠭ ᠤᠨ ᠬᠦᠴᠦᠳᠡᠢ ᠲᠡᠮᠵᠢᠯᠭᠡ ᠪᠠᠷ ᠬᠦᠭᠵᠢᠨ ᠲᠡᠯᠭᠡᠷᠡᠵᠦ᠂ ᠦᠤᠰᠢᠨ ᠠᠳᠤᠭᠤᠨ ᠤ ᠬᠦᠭᠵᠢᠯᠳᠡ ᠨᠢ ᠴᠤ ᠶᠠᠭ ᠯᠠ ᠨᠤᠳᠤᠭ ᠤᠨ ᠡᠪᠤᠭᠡᠨ ᠬᠠᠶᠢᠯᠠᠰᠤ ᠰᠢᠭ ᠪᠣᠭᠤᠷᠣᠯᠳᠣᠵᠤ ᠶᠠᠪᠤᠭ᠎ᠠ ᠨᠤᠳᠤᠭ ᠨᠤᠳᠤᠭ ᠤᠨ ᠠᠬᠠᠮᠠᠳ ᠤᠶᠠᠭᠠᠴᠢᠳ ᠤᠨ ᠤᠳᠠᠭᠠᠨ ᠵᠢᠯ ᠤᠨ ᠪᠠᠷᠢᠮᠳᠠᠯᠠᠯ᠂ ᠴᠢᠷᠮᠠᠶᠢᠯᠭ᠎ᠠ ᠠᠴᠠ ᠰᠡᠯᠵᠤ ᠴᠢᠳᠠᠰᠢ ᠦᠭᠡᠢ ᠪᠢᠯᠡ᠃
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ