ᠲᠠᠷᠢᠬᠢᠨ ᠤ ᠯᠤᠭᠰᠢᠭᠤᠨ ᠰᠤᠳᠠᠯ ᠤᠨ ᠲᠦᠭᠵᠢᠷᠡᠯ ᠡᠪᠡᠳᠴᠢᠨ
ᠨᠡᠶᠢᠲᠡᠯᠡᠭᠰᠡᠨ ᠴᠠᠭ᠄
2023/4/11
        ᠬᠦᠮᠦᠨ ᠤ ᠪᠡᠶ᠎ᠡ ᠶᠢᠨ ᠲᠠᠷᠢᠬᠢ ᠨᠢ ᠲᠠᠨᠢᠨ ᠮᠡᠳᠡᠷᠡᠬᠦᠢ᠂ ᠢᠯᠭᠠᠨ ᠲᠠᠨᠢᠬᠤᠢ᠂ ᠦᠬᠡ ᠬᠡᠯᠡᠨ ᠤ ᠴᠢᠳᠠᠪᠬᠢ᠂ ᠤᠶᠢᠯᠠᠭᠠᠨ ᠮᠡᠳᠡᠷᠡᠬᠦᠢ᠂ ᠦᠢᠯᠡ ᠬᠦᠳᠡᠯᠬᠡᠬᠡᠨ ᠢ ᠵᠢᠯᠤᠭᠤᠳᠬᠤ ᠵᠡᠷᠬᠡ ᠮᠠᠰᠢ ᠴᠢᠬᠤᠯᠠ ᠡᠬᠦᠷᠬᠡ ᠶᠢ ᠬᠦᠢᠴᠡᠳᠬᠡᠵᠦ ᠪᠠᠶᠢᠳᠠᠭ ᠡᠷᠬᠡᠳᠡᠨ ᠪᠤᠯᠬᠤ ᠶᠤᠮ᠃ ᠲᠠᠷᠢᠬᠢᠨ ᠤ ᠡᠷᠡᠬᠦᠯ ᠡ᠊ᠡᠭᠭᠡ ᠨᠢ ᠠᠮᠢ ᠨᠠᠰᠤᠨ ᠤ ᠠᠵᠢᠯᠯᠠᠭ᠎ᠠ ᠶᠢ ᠪᠠᠳᠤᠯᠠᠳᠠᠭ᠃              ᠲᠠᠷᠢᠬᠢᠨ ᠤ ᠯᠤᠭᠰᠢᠭᠤᠨ ᠰᠤᠳᠠᠯ ᠤᠨ ᠲᠦᠭᠵᠢᠷᠡᠯ ᠨᠢ ᠴᠢᠰᠤᠨ ᠤ ᠲᠠᠷᠤᠯᠳᠠ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠲᠠᠷᠢᠬᠢᠨ ᠤ ᠯᠤᠭᠰᠢᠭᠤᠨ ᠰᠤᠳᠠᠯ ᠤᠨ ᠲᠦᠭᠵᠢᠷᠡᠯ ᠲᠠᠢ ᠪᠤᠯᠤᠭᠰᠠᠨ ᠠᠴᠠ ᠰᠠ ᠡᠪᠡᠳᠴᠢᠨ ᠵᠡᠷᠬᠡ ᠶᠢ ᠡᠬᠦᠰᠬᠡᠨ ᠡᠳᠡᠬᠡᠷᠡᠯᠳᠡ ᠶᠢᠨ ᠨᠤᠷᠮ᠎ᠠ ᠮᠠᠰᠢ ᠲᠤᠤᠷ᠎ᠠ ᠪᠠᠶᠢᠳᠠᠭ᠃ 3/4 ᠶᠢᠨ ᠡᠪᠡᠳᠴᠢᠳᠡᠨ ᠠᠳᠠᠯᠢ ᠪᠤᠰᠤ ᠬᠡᠮᠵᠢᠶᠡᠨ ᠤ ᠠᠵᠢᠯ ᠬᠦᠳᠡᠯᠮᠦᠷᠢ᠂ ᠠᠮᠢᠳᠤᠷᠠᠯ ᠤᠨ ᠴᠢᠳᠠᠪᠬᠢ ᠪᠠᠨ ᠠᠯᠳᠠᠳᠠᠭ᠃ ᠲᠠᠷᠢᠬᠢᠨ ᠤ ᠬᠡᠰᠡᠭ ᠲᠤ ᠯᠤᠭᠰᠢᠭᠤᠨ ᠰᠤᠳᠠᠯ ᠤᠨ ᠲᠦᠭᠵᠢᠷᠡᠯ ᠡᠬᠦᠰᠬᠦ ᠨᠢ ᠭᠤᠤᠯᠳᠠᠭᠤ ᠴᠢᠰᠤᠨ ᠰᠤᠳᠠᠯ ᠤᠨ ᠬᠠᠨ᠎ᠠ ᠳᠤ ᠦᠬᠡᠬᠦᠯᠢᠭ ᠡᠳ᠋ ᠪᠤᠢ ᠪᠤᠯᠤᠨ ᠲᠦᠭᠵᠢᠷᠡᠯ ᠡᠬᠦᠰᠬᠡᠳᠡᠭ ᠠᠴᠠ ᠬᠦᠮᠦᠨ ᠤ ᠪᠡᠶ᠎ᠡ ᠳᠤ ᠬᠡᠷᠡᠭᠰᠡᠬᠦ ᠬᠦᠴᠢᠯᠳᠦ᠋ᠷᠦᠭᠴᠢ ᠪᠤᠯᠤᠨ ᠰᠢᠮ᠎ᠠ ᠲᠡᠵᠢᠬᠡᠯ ᠲᠤᠳᠠᠭᠳᠠᠨ ᠴᠢᠰᠤᠨ ᠤ ᠡᠷᠬᠢᠯᠳᠡ ᠮᠠᠭᠤᠳᠠᠵᠤ ᠡᠪᠡᠳᠴᠢᠨ ᠡᠬᠦᠰᠬᠡᠳᠡᠭ᠃ ᠤᠴᠢᠷ ᠨᠢ ᠴᠢᠰᠤ ᠪᠤᠯ ᠰᠢᠮ᠎ᠠ ᠲᠡᠵᠢᠬᠡᠯ ᠪᠤᠯᠤᠨ ᠬᠦᠴᠢᠯᠳᠦ᠋ᠷᠦᠭᠴᠢ ᠶᠢ ᠵᠦᠬᠡᠬᠡᠪᠦᠷᠢᠯᠡᠵᠦ ᠡᠯ᠎ᠡ ᠡᠷᠬᠡᠳᠡᠨ ᠳᠤ ᠬᠦᠷᠬᠡᠳᠡᠭ᠃ ᠲᠠᠷᠢᠬᠢᠨ ᠤ ᠬᠡᠰᠡᠭ ᠴᠢᠰᠤᠨ ᠤ ᠬᠠᠨᠭ᠍ᠭᠠᠯᠳᠠ ᠮᠠᠭᠤᠳᠠᠵᠤ ᠬᠦᠴᠢᠯᠳᠦ᠋ᠷᠦᠭᠴᠢ ᠲᠤᠳᠠᠭᠳᠠᠨ ᠲᠠᠷᠢᠬᠢᠨ ᠤ ᠠᠵᠢᠯᠯᠠᠭ᠎ᠠ ᠰᠠᠮᠠᠭᠤᠷᠠᠯ ᠳᠤ ᠤᠴᠠᠷᠠᠨ ᠲᠠᠷᠢᠬᠢᠨ ᠤ ᠡᠪᠡᠳᠴᠢᠨ ᠢ ᠡᠬᠦᠰᠬᠡᠵᠦ ᠡᠪᠡᠳᠴᠢᠨ ᠤ ᠢᠯᠡᠷᠡᠯ ᠰᠢᠨᠵᠢ ᠶᠢ ᠡᠬᠦᠰᠬᠡᠳᠡᠭ᠃              ᠲᠠᠷᠢᠬᠢᠨ ᠤ ᠯᠤᠭᠰᠢᠭᠤᠨ ᠰᠤᠳᠠᠯ ᠤᠨ ᠲᠦᠭᠵᠢᠷᠡᠯ ᠡᠬᠦᠰᠬᠦ ᠳᠤ ᠭᠠᠷᠬᠤ ᠢᠯᠡᠷᠡᠯ᠄              ① ᠲᠤᠯᠤᠭᠠᠢ ᠡᠷᠬᠢᠬᠦ              ② ᠲᠤᠯᠤᠭᠠᠢ ᠡᠪᠡᠳᠬᠦ              ③ ᠪᠦᠬᠡᠯᠵᠢᠰᠦ ᠬᠦᠷᠬᠦ              ④ ᠲᠤᠷ᠎ᠠ ᠪᠤᠯᠬᠢᠬᠤ              ᠪᠦᠬᠡᠯᠵᠢᠬᠦ᠂ ᠲᠤᠷ᠎ᠠ ᠪᠤᠯᠬᠢᠬᠤ ᠵᠡᠷᠬᠡ ᠢᠯᠡᠷᠡᠯ ᠭᠠᠷᠴᠤ ᠪᠠᠶᠢᠭ᠎ᠠ ᠨᠢ ᠲᠠᠷᠢᠬᠢᠨ ᠤ ᠬᠡᠰᠡᠭ ᠤᠨ ᠴᠢᠰᠤᠨ ᠤ ᠬᠠᠨᠭ᠍ᠭᠠᠯᠳᠠ ᠲᠤᠳᠠᠭᠳᠠᠭᠠᠳ ᠨᠡᠯᠢᠶᠡᠳ ᠬᠡᠮᠵᠢᠶ᠎ᠡ ᠬᠦᠷᠦᠭᠰᠡᠨ ᠪᠤᠶᠤ ᠲᠠᠷᠢᠬᠢᠨ ᠤ ᠡᠰ ᠦᠬᠦᠵᠢᠵᠦ ᠪᠠᠶᠢᠭ᠎ᠠ ᠦᠶᠡᠰ ᠲᠤ ᠭᠠᠷᠬᠤ ᠪᠠᠶ᠎ᠠ ᠳᠤ ᠢᠯᠡᠷᠡᠬᠦ ᠡᠪᠡᠳᠴᠢᠨ ᠬᠦᠨᠳᠦᠬᠦᠷᠢ ᠲᠠᠢ ᠪᠤᠯᠤᠭᠰᠠᠨ ᠤ ᠲᠤᠬᠢᠶ᠎ᠠ ᠮᠦᠨ᠃              ᠲᠠᠷᠢᠬᠢᠨ ᠤ ᠬᠡᠰᠡᠭ ᠲᠤ ᠯᠤᠭᠰᠢᠭᠤᠨ ᠰᠤᠳᠠᠯ ᠤᠨ ᠲᠦᠭᠵᠢᠷᠡᠯ ᠡᠬᠦᠰᠦᠭᠰᠡᠨ ᠦᠶᠡᠰ ᠲᠤ ᠠᠩᠬᠠᠷᠬᠤ ᠵᠦᠢᠯ᠄              ① ᠬᠦᠳᠡᠯᠬᠡᠵᠦ ᠪᠤᠯᠬᠤ ᠦᠬᠡᠢ              ② ᠰᠡᠳᠬᠢᠯ ᠰᠠᠨᠠᠭ᠎ᠠ ᠶᠢ ᠨᠢ ᠲᠠᠶᠢᠪᠤᠡᠭ ᠪᠠᠶᠢᠯᠭᠠᠬᠤ              ③ ᠠᠭᠠᠷ ᠰᠠᠯᠬᠢ ᠬᠦᠢᠴᠡᠳ ᠨᠡᠪᠳᠡᠷᠡᠬᠦᠯᠬᠦ              ④ ᠡᠮᠴᠢᠯᠡᠬᠡᠨ ᠤ ᠰᠢᠵᠢᠷ ᠠᠯᠳᠠᠨ ᠴᠠᠭ ᠨᠢ 3 — 6 ᠴᠠᠭ ᠪᠠᠶᠢᠳᠠᠭ ᠤᠴᠢᠷ ᠠᠴᠠ 120 ᠪᠠᠴᠢᠮ ᠠᠪᠤᠷᠠᠯᠳᠠ ᠶᠢᠨ ᠲᠡᠷᠬᠡ ᠲᠠᠭᠤᠳᠠᠵᠤ ᠡᠮᠨᠡᠯᠬᠡ ᠳᠤ ᠬᠦᠷᠬᠦ              ᠵᠢᠷᠦᠬᠡᠨ ᠤ ᠯᠤᠭᠰᠢᠭᠤᠨ ᠰᠤᠳᠠᠯ ᠤᠨ ᠲᠦᠭᠵᠢᠷᠡᠯ ᠡᠪᠡᠳᠴᠢᠨ              ᠵᠢᠷᠦᠬᠡ ᠪᠤᠯ ᠬᠦᠮᠦᠨ ᠤ ᠪᠡᠶ᠎ᠡ ᠶᠢᠨ ᠲᠠᠪᠤᠨ ᠴᠤᠯᠤ ᠵᠢᠷᠭᠤᠭᠠᠨ ᠰᠠᠪᠠ ᠶᠢᠨ ᠨᠢᠬᠡ ᠪᠤᠯᠬᠤ ᠶᠤᠮ᠃ ᠵᠢᠷᠦᠬᠡ ᠨᠢ ᠴᠢᠰᠤᠨ ᠤ ᠠᠵᠢᠯᠯᠠᠭ᠎ᠠ ᠶᠢ ᠵᠠᠬᠢᠷᠴᠤ ᠠᠮᠢ ᠨᠠᠰᠤᠨ ᠤ ᠠᠵᠢᠯᠯᠠᠭ᠎ᠠ ᠶᠢ ᠵᠤᠬᠢᠴᠠᠭᠤᠯᠤᠭᠴᠢ ᠴᠢᠰᠤᠨ ᠤ ᠡᠷᠬᠢᠯᠳᠡ ᠶᠢ ᠵᠢᠯᠤᠭᠤᠳᠤᠭᠴᠢ ᠪᠤᠯᠬᠤ ᠶᠤᠮ᠃              ᠮᠠᠨ ᠤ ᠤᠯᠤᠰ ᠲᠤ 3.3 ᠳ᠋ᠥᠡᠭᠰᠢᠭᠤᠷ ᠢᠯᠡᠬᠦᠦ ᠵᠢᠷᠦᠬᠡ ᠴᠢᠰᠤᠨ ᠰᠤᠳᠠᠯ ᠤᠨ ᠡᠪᠡᠳᠴᠢᠳᠠᠨ ᠪᠠᠶᠢᠳᠠᠭ᠃ ᠡᠬᠦᠨ ᠳᠤ 1100 ᠲᠦᠮᠡ ᠨᠢ ᠵᠢᠷᠦᠬᠡᠨ ᠤ ᠬᠠᠳᠬᠤᠯᠭ᠎ᠠ ᠲᠠᠢ ᠡᠪᠡᠳᠴᠢᠳᠡᠨ ᠪᠤᠯᠬᠤ ᠶᠤᠮ᠃ ᠵᠢᠷᠦᠬᠡᠨ ᠤ ᠯᠤᠭᠰᠢᠭᠤᠨ ᠰᠤᠳᠠᠯ ᠲᠦᠭᠵᠢᠷᠡᠬᠦ ᠨᠢ ᠠᠶᠤᠯᠳᠤ ᠴᠢᠨᠠᠷ ᠢᠶᠠᠷ ᠶᠡᠭᠡ ᠡᠪᠡᠳᠴᠢᠨ ᠪᠤᠯᠬᠤ ᠶᠤᠮ᠃              ᠵᠢᠷᠦᠬᠡᠨ ᠤ ᠯᠤᠭᠰᠢᠭᠤᠨ ᠰᠤᠳᠠᠯ ᠲᠦᠭᠵᠢᠷᠡᠯ ᠡᠬᠦᠰᠬᠦ ᠳᠤ ᠭᠠᠷᠬᠤ ᠢᠯᠡᠷᠡᠯ᠄              ① ᠵᠢᠷᠦᠬᠡᠨ ᠤᠷᠤᠨ ᠳᠤ ᠪᠠᠵᠠᠯᠠᠨ ᠡᠪᠡᠳᠬᠦ              ② ᠠᠮᠢᠰᠬᠤᠯ ᠴᠢᠬᠤᠯᠳᠠᠬᠤ              ③ ᠴᠡᠬᠡᠵᠢ ᠴᠢᠬᠤᠯᠳᠠᠬᠤ              ④ ᠲᠠᠯᠤ ᠮᠦᠷᠦ ᠪᠠᠷ ᠬᠠᠳᠬᠤᠯᠠᠵᠤ ᠡᠪᠡᠳᠬᠦ              ⑤ ᠰᠢᠳᠦ ᠡᠪᠡᠳᠬᠦ              ᠵᠢᠷᠦᠬᠡᠨ ᠤ ᠯᠤᠭᠰᠢᠭᠤᠨ ᠰᠤᠳᠠᠯ ᠲᠦᠭᠵᠢᠷᠡᠯ ᠡᠬᠦᠰᠬᠦ ᠳᠤ ᠭᠠᠷᠤᠭᠰᠠᠨ ᠢᠯᠡᠷᠡᠯ ᠠᠴᠠ ᠠᠩᠬᠠᠷᠬᠤ ᠵᠦᠢᠯ᠄              ① ᠵᠢᠷᠦᠬᠡᠨ ᠤ ᠯᠤᠭᠰᠢᠭᠤᠨ ᠰᠤᠳᠠᠯ ᠲᠦᠭᠵᠢᠷᠡᠯ ᠡᠬᠦᠰᠦᠨ ᠵᠢᠷᠦᠬᠡᠨ ᠪᠤᠯᠴᠢᠩ ᠦᠬᠦᠵᠢᠬᠦ ᠦᠶᠡᠰ ᠲᠤ ᠬᠤᠳᠤᠭᠤᠳᠤ ᠶᠢᠨ ᠬᠡᠰᠡᠭ ᠢᠶᠠᠷ ᠡᠪᠡᠳᠬᠦ ᠪᠠᠶᠢᠳᠠᠯ ᠢᠯᠡᠷᠡᠬᠦ ᠪᠤᠯᠬᠤᠷ ᠬᠤᠳᠤᠭᠤᠳᠤ ᠡᠪᠡᠳᠴᠦ ᠪᠠᠶᠢᠨ᠎ᠠ ᠬᠡᠮᠡᠨ ᠡᠪᠡᠳᠴᠢᠨ ᠢ ᠡᠮᠴᠢᠯᠡᠨ ᠵᠠᠰᠠᠬᠤ ᠰᠢᠵᠢᠷ ᠠᠯᠳᠠᠨ ᠴᠠᠭ ᠢ ᠠᠯᠳᠠᠬᠤ ᠠᠴᠠ ᠬᠢᠴᠢᠶᠡᠬᠡᠷᠡᠢ︕ ᠡᠮᠨᠡᠯᠬᠡ ᠳᠤ ᠬᠦᠷᠴᠦ ᠨᠠᠷᠢᠯᠢᠭ ᠪᠠᠶᠢᠴᠠᠭᠠᠯᠭᠠᠬᠤ ᠨᠢ ᠮᠠᠰᠢ ᠴᠢᠬᠤᠯᠠ ᠪᠠᠶᠢᠳᠠᠭ᠃              ② ᠡ᠊ᠡᠭ ᠤᠨ ᠰᠢᠳᠤ ᠡᠪᠡᠳᠴᠦ ᠪᠠᠶᠢᠭ᠎ᠠ ᠰᠢᠳᠤᠨ ᠡᠪᠡᠳᠴᠢᠨ ᠪᠤᠯᠤᠨ ᠵᠢᠷᠦᠬᠡᠨ ᠰᠤᠳᠠᠯ ᠤᠨ ᠲᠦᠭᠵᠢᠷᠡᠯ ᠠᠴᠠ ᠪᠤᠯᠤᠭᠰᠠᠨ ᠰᠢᠳᠤ ᠡᠪᠡᠳᠬᠦ ᠢᠯᠡᠷᠡᠯ ᠢ ᠢᠯᠭᠠᠨ ᠲᠤᠲᠤᠯᠠᠵᠤ ᠴᠢᠳᠠᠬᠤ ᠦᠬᠡᠢ ᠦᠶᠡᠰ ᠲᠤ ᠡᠮᠨᠡᠯᠬᠡ ᠳᠤ ᠬᠦᠷᠴᠦ ᠲᠤᠰᠬᠠᠢ ᠮᠡᠷᠬᠡᠵᠢᠯᠳᠡᠨ ᠢᠶᠠᠷ ᠵᠦᠪ ᠤᠨᠤᠰᠢᠯᠠᠭᠤᠯᠬᠤ ᠬᠡᠷᠡᠭᠳᠡᠢ ᠪᠠᠶᠢᠳᠠᠭ᠃              ᠵᠢᠷᠦᠬᠡᠨ ᠰᠤᠳᠠᠯ ᠤᠨ ᠲᠦᠭᠵᠢᠷᠡᠯ ᠠᠴᠠ ᠪᠤᠯᠤᠭᠰᠠᠨ ᠡᠪᠡᠳᠴᠢᠨ ᠤ ᠵᠢᠷᠦᠬᠡᠨ ᠤᠷᠤᠨ ᠳᠤ ᠡᠪᠡᠳᠬᠦ ᠪᠠᠶᠢᠳᠠᠯ᠄              ① ᠵᠡᠬᠦᠦ ᠪᠠᠷ ᠬᠠᠳᠬᠤᠵᠤ ᠪᠠᠶᠢᠬᠤ ᠰᠢᠭ ᠪᠠᠵᠠᠯᠠᠵᠤ ᠡᠪᠡᠳᠬᠦ              ② ᠡᠪᠡᠳᠦᠬᠡᠳ ᠢᠷᠡᠬᠦ ᠳᠤ ᠬᠦᠯᠦᠰᠦ ᠴᠢᠬᠢᠭᠯᠡᠨ ᠲᠡᠰᠪᠦᠷᠢᠯᠡᠵᠦ ᠲᠡᠶᠢᠯᠬᠦ ᠦᠬᠡᠢ ᠪᠤᠯᠳᠠᠯ᠎ᠠ ᠡᠪᠡᠳᠬᠦ        ᠵᠢᠷᠦᠬᠡᠨ ᠰᠤᠳᠠᠯ ᠤᠨ ᠲᠦᠭᠵᠢᠷᠡᠯ ᠤᠨ ᠡᠬᠦᠰᠬᠡᠵᠦ ᠮᠡᠳᠡᠬᠦ ᠡᠪᠡᠳᠴᠢᠨ᠄              ᠵᠢᠷᠦᠬᠡᠨ ᠬᠠᠳᠬᠤᠯᠭ᠎ᠠ ᠡᠪᠡᠳᠴᠢᠨ᠂ ᠵᠢᠷᠦᠬᠡᠨ ᠪᠤᠯᠴᠢᠩ ᠤᠨ ᠦᠬᠦᠵᠢᠯ ᠡᠪᠡᠳᠴᠢᠨ ᠵᠡᠷᠬᠡ᠃            ᠵᠢᠷᠦᠬᠡᠨ ᠰᠤᠳᠠᠯ ᠤᠨ ᠲᠦᠭᠵᠢᠷᠡᠯ ᠡᠪᠡᠳᠴᠢᠨ ᠢ ᠡᠬᠦᠰᠬᠡᠬᠦ ᠰᠢᠯᠳᠠᠭᠠᠨ ᠨᠦᠬᠦᠴᠡᠯ᠄              ① ᠦᠬᠡᠬᠦ ᠲᠤᠰᠤ ᠮᠢᠬᠠᠨ ᠤ ᠵᠦᠢᠯ ᠢ ᠶᠡᠭᠡ ᠡᠳ᠋ᠯᠡᠬᠦ              ② ᠠᠷᠢᠬᠢ ᠲᠠᠮᠠᠬᠢ ᠶᠢ ᠤᠷᠳᠤ ᠬᠤᠭᠤᠴᠠᠭ᠎ᠠ ᠶᠡᠭᠡ ᠬᠡᠮᠵᠢᠶ᠎ᠡ ᠪᠠᠷ ᠡᠳ᠋ᠯᠡᠬᠦ              ③ ᠭᠠᠯ ᠨᠠᠷᠠᠨ ᠳᠤ ᠤᠳᠠᠳᠠᠯ᠎ᠠ ᠰᠢᠷᠬᠠᠳᠠᠬᠤ              ④ ᠬᠠᠳᠠᠭᠤ ᠬᠦᠴᠦᠯᠡᠬᠦ              ⑤ ᠬᠡᠳᠦᠷᠬᠡᠢ ᠶᠠᠳᠠᠷᠠᠬᠤ              ⑥ ᠶᠡᠭᠡ ᠠᠭᠤᠷᠯᠠᠵᠤ ᠪᠠᠴᠢᠮᠳᠠᠬᠤ              ⑦ ᠰᠡᠳᠬᠢᠯ ᠤᠨ ᠦᠢᠯᠡ ᠶᠢ ᠬᠡᠳᠦᠷᠡᠬᠦᠯᠬᠦ              ⑧ ᠴᠠᠳᠳᠠᠯ᠎ᠠ ᠢᠳᠡᠵᠦ ᠵᠦᠬᠡᠷ ᠰᠠᠭᠤᠬᠤ              ⑨ ᠬᠦᠢᠳᠡᠨ ᠳᠤ ᠶᠡᠭᠡ ᠲᠠᠭᠠᠷᠠᠵᠤ ᠵᠢᠩᠬᠢᠨᠡᠬᠦ              ᠲᠦᠷᠪᠡᠨ ᠮᠦᠴᠢ ᠶᠢᠨ ᠯᠤᠭᠰᠢᠭᠤᠨ ᠰᠤᠳᠠᠯ ᠤᠨ ᠲᠦᠭᠵᠢᠷᠡᠯ ᠡᠪᠡᠳᠴᠢᠨ              ᠠᠷᠠᠳ ᠤᠨ ᠦᠬᠡᠨ ᠳᠤ᠄ ︽ᠬᠠᠪᠤᠷ ᠤᠨ ᠰᠠᠯᠬᠢ ᠬᠠᠪᠢᠷᠭ᠎ᠠ ᠨᠡᠪᠳᠡᠯᠳᠡᠭ︾ ᠬᠡᠳᠡᠭ᠃ ᠬᠡᠳᠦ᠋ᠪᠡᠷ ᠬᠠᠪᠤᠷ ᠪᠤᠯᠵᠤ ᠤᠷᠢᠨ ᠲᠤᠯᠠᠭᠠᠨ ᠴᠠᠭ ᠡᠬᠢᠯᠡᠭᠰᠡᠨ ᠪᠤᠯᠪᠠᠴᠤ ᠲᠦᠷᠪᠡᠨ ᠮᠦᠴᠢ ᠪᠠᠨ ᠲᠤᠯᠠᠭᠠᠯᠠᠵᠤ ᠪᠠᠶᠢᠬᠤ ᠬᠡᠷᠡᠭᠳᠡᠢ︕ ᠬᠠᠪᠤᠷ ᠴᠠᠭ ᠤᠨ ᠲᠤᠯᠠᠭᠠᠨ ᠤ ᠬᠡᠮᠵᠢᠭᠳᠡᠯ ᠤᠨ ᠵᠦᠷᠢᠶ᠎ᠡ ᠠᠴᠠ ᠪᠤᠯᠵᠤ ᠲᠠᠭᠠᠷᠠᠵᠤ ᠵᠢᠩᠭᠢᠨᠡᠬᠦ ᠳᠤ ᠬᠦᠷᠪᠡᠯ ᠮᠦᠨ ᠴᠤ ᠴᠢᠰᠤᠨ ᠤ ᠬᠦᠶᠦᠳᠡᠯ ᠬᠠᠷᠰᠢᠯᠠᠭᠳᠠᠨ ᠲᠦᠷᠪᠡᠨ ᠮᠦᠴᠢ ᠶᠢᠨ ᠬᠡᠰᠡᠭ ᠤᠨ ᠰᠤᠳᠠᠯ ᠳᠤ ᠲᠦᠭᠵᠢᠷᠡᠯ ᠡᠬᠦᠰᠴᠤ ᠡᠪᠡᠳᠴᠢᠨ ᠡᠬᠦᠰᠬᠡᠵᠦ ᠮᠡᠳᠡᠬᠦ ᠶᠤᠮ︕              ᠲᠦᠷᠪᠡᠨ ᠮᠦᠴᠢ ᠨᠢ ᠬᠦᠮᠦᠨ ᠤ ᠪᠡᠶ᠎ᠡ ᠶᠢ ᠲᠤᠯᠭᠠᠭᠤᠷᠢᠯᠠᠬᠤ᠂ ᠬᠠᠮᠠᠭᠠᠯᠠᠬᠤ᠂ ᠬᠦᠳᠡᠯᠬᠡᠬᠡᠨ ᠢ ᠵᠤᠬᠢᠴᠠᠭᠤᠯᠬᠤ ᠵᠡᠷᠬᠡ ᠦᠨᠳᠦᠰᠦᠨ ᠦᠢᠯᠡᠳᠦᠯ ᠬᠡᠷᠡᠭᠴᠡᠭᠡ ᠲᠠᠢ ᠪᠠᠶᠢᠳᠠᠭ᠃ ᠮᠠᠨ ᠤ ᠤᠯᠤᠰ ᠲᠤ ᠲᠦᠷᠪᠡᠨ ᠮᠦᠴᠢ ᠶᠢᠨ ᠯᠤᠭᠰᠢᠭᠤᠨ ᠰᠤᠳᠠᠯ ᠤᠨ ᠲᠦᠭᠵᠢᠷᠡᠯ ᠲᠠᠢ ᠡᠪᠡᠳᠴᠢᠳᠡᠨ ᠤ ᠬᠠᠷᠢᠴᠠᠯ 15% ᠳᠤ ᠬᠦᠷᠴᠦ ᠪᠤᠢ᠃ ᠲᠦᠷᠪᠡᠨ ᠮᠦᠴᠢ ᠶᠢᠨ ᠬᠡᠰᠡᠭ ᠤᠨ ᠯᠤᠭᠰᠢᠭᠤᠨ ᠰᠤᠳᠠᠯ ᠲᠦᠭᠵᠢᠷᠡᠬᠦ ᠳᠤ ᠬᠡᠢ ᠴᠢᠰᠤᠨ ᠤ ᠬᠦᠶᠦᠳᠡᠯ ᠬᠠᠷᠰᠢᠯᠠᠭᠳᠠᠨ᠂ ᠰᠢᠮ᠎ᠡ ᠲᠡᠵᠢᠬᠡᠯ ᠪᠤᠯᠤᠨ ᠢᠯᠴᠢ ᠶᠢ ᠮᠦᠴᠢ ᠶᠢᠨ ᠬᠡᠰᠡᠭ ᠲᠤ ᠬᠦᠷᠬᠡᠵᠦ ᠲᠡᠶᠢᠯᠬᠦ ᠦᠬᠡᠢ ᠪᠤᠯᠳᠠᠭ᠃               ᠲᠦᠷᠪᠡᠨ ᠮᠦᠴᠢ ᠶᠢᠨ ᠬᠡᠰᠡᠭ ᠲᠤ ᠯᠤᠭᠰᠢᠭᠤᠨ ᠰᠤᠳᠠᠯ ᠤᠨ ᠲᠦᠭᠵᠢᠷᠡᠯ ᠡᠬᠦᠰᠬᠦ ᠳᠤ ᠭᠠᠷᠬᠤ ᠢᠯᠡᠷᠡᠯ᠄              ① ᠬᠦᠢᠳᠡᠨ ᠤᠷᠬᠢᠬᠤ              ② ᠵᠢᠩᠭᠢᠨᠡᠵᠦ ᠲᠠᠭᠠᠷᠠᠬᠤ              ③ ᠮᠦᠴᠢ ᠰᠤᠯᠠᠷᠠᠬᠤ              ④ ᠬᠦᠴᠦ ᠦᠬᠡᠢ ᠪᠤᠯᠬᠤ              ⑤ ᠲᠠᠯ᠎ᠠ ᠪᠠᠶ᠎ᠠ ᠲᠠᠮᠪᠠᠷᠠᠬᠤ              ᠲᠦᠷᠪᠡᠨ ᠮᠦᠴᠢ ᠶᠢᠨ ᠬᠡᠰᠡᠭ ᠲᠤ ᠯᠤᠭᠰᠢᠭᠤᠨ ᠰᠤᠳᠠᠯ ᠤᠨ ᠲᠦᠭᠵᠢᠷᠡᠯ ᠲᠠᠢ ᠡᠪᠡᠳᠴᠢᠳᠡᠨ ᠤ ᠠᠩᠬᠠᠷᠬᠤ ᠵᠦᠢᠯ᠄              ① ᠲᠠᠪᠤᠰᠤᠯᠢᠭ ᠢᠳᠡᠬᠡᠨ ᠤᠮᠳᠠᠭᠠᠨ ᠢ ᠪᠠᠭᠠᠰᠬᠠᠬᠤ              ② ᠦᠬᠡᠬᠦ ᠲᠤᠰᠤ ᠲᠠᠢ ᠢᠳᠡᠬᠡᠨ ᠤᠮᠳᠠᠭᠠᠨ ᠢ ᠴᠡᠬᠡᠷᠯᠡᠬᠦ              ③ ᠭᠠᠰᠢᠭᠤᠨ ᠭᠤᠱᠤᠭᠤᠨ ᠢᠳᠡᠬᠡᠨ ᠢ ᠴᠡᠬᠡᠷᠯᠡᠬᠦ              ④ ᠲᠠᠭᠠᠷᠠᠵᠤ ᠵᠢᠩᠭᠢᠨᠡᠬᠦ ᠠᠴᠠ ᠰᠡᠷᠬᠡᠶᠢᠯᠡᠬᠦ              ⑤ ᠴᠢᠰᠤᠨ ᠤ ᠲᠠᠷᠤᠯᠳᠠ᠂ ᠦᠬᠡᠬᠦ᠂ ᠰᠢᠬᠢᠷ ᠤᠨ ᠬᠡᠮᠵᠢᠶ᠎ᠡ ᠶᠢ ᠲᠤᠭᠳᠠᠭᠤᠨ ᠪᠠᠶᠢᠯᠭᠠᠬᠤ            ⑥ ᠢᠯᠡᠬᠦᠬᠡᠨ ᠠᠮᠠᠷᠠᠵᠤ ᠨᠦᠢᠷ ᠢ ᠪᠠᠳᠤᠯᠠᠬᠤ              ⑦ ᠬᠡᠳᠦ ᠶᠠᠳᠠᠷᠠᠬᠤ ᠶᠢ ᠬᠢᠴᠢᠶᠡᠬᠦ              ⑧ ᠬᠡᠳᠦ ᠬᠦᠴᠦᠯᠡᠬᠦ ᠶᠢ ᠬᠢᠴᠢᠶᠡᠬᠦ              ⑨ ᠬᠡᠳᠦ ᠰᠠᠭᠤᠬᠤ ᠶᠢ ᠴᠡᠬᠡᠷᠯᠡᠬᠦ 35 — 45 ᠮᠢᠨᠦ᠋ᠲ ᠰᠠᠭᠤᠪᠠᠯ ᠵᠠᠪᠠᠯ ᠬᠦᠳᠡᠯᠬᠡᠬᠡᠨ ᠬᠢᠬᠦ        ᠠᠯᠬᠤᠬᠤ᠂ ᠠᠵᠢᠯᠯᠠᠵᠤ ᠬᠦᠳᠡᠯᠮᠦᠷᠢᠯᠡᠬᠦ ᠶᠢᠨ ᠰᠠᠭᠤᠷᠢ ᠲᠦᠰᠢᠭ ᠪᠤᠯᠬᠤ ᠲᠦᠷᠪᠡᠨ ᠮᠦᠴᠢ ᠶᠢᠨ ᠡᠷᠡᠬᠦᠯ ᠪᠠᠶᠢᠳᠠᠯ ᠢ ᠪᠠᠨ ᠪᠠᠳᠤᠯᠠᠨ ᠬᠠᠮᠠᠭᠠᠯᠠᠵᠤ ᠬᠡᠵᠢᠶᠡᠳᠡ ᠡᠷᠡᠬᠦᠯ ᠡ᠊ᠡᠭᠬᠡ ᠪᠠᠶᠢᠵᠠᠭᠠᠶ᠎ᠠ︕                                    ︵︽NMTV ᠰᠤᠶᠤᠯ︾ ᠵᠢᠷᠬᠢᠶ᠎ᠠ ᠲᠠᠪᠴᠡᠩ ᠠᠴᠠ︶ 
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ