ᠠᠩᠬ᠎ᠠ ᠳᠤᠮᠳᠠᠳᠤ ᠲᠡᠭᠦᠰᠬᠦ ᠲᠠᠮᠢᠷ ᠤᠨ ᠰᠢᠯᠭᠠᠯᠲᠠ ᠬᠤᠪᠢᠷᠠᠯᠲᠠ ᠲᠠᠢ
ᠨᠡᠶᠢᠲᠡᠯᠡᠭᠰᠡᠨ ᠴᠠᠭ᠄
2023/3/7
        ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠤᠨ ︽2023 ᠣᠨ ᠤ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠪᠡᠶ᠎ᠡ ᠶᠢᠨ ᠲᠠᠮᠢᠷ  ᠪᠣᠯᠣᠨ  ᠡᠷᠡᠭᠦᠯ   ᠮᠡᠨᠳᠦ ᠶᠢᠨ  ᠰᠢᠯᠭᠠᠯᠲᠠ ᠶᠢᠨ  ᠲᠥᠷᠥᠯ ᠵᠦᠢᠯ ᠳᠤ ᠲᠣᠬᠢᠷᠠᠭᠤᠯᠤᠯᠲᠠ ᠬᠢᠬᠦ ᠲᠤᠬᠠᠢ ᠮᠡᠳᠡᠭᠳᠡᠯ︾ ︵ᠥᠪᠥᠷ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠷᠠᠯᠢᠭ ᠤᠨ ᠵᠠᠬᠢᠳᠠᠯ ﹇2023﹈ 14 ᠳ᠋ᠦ᠋ᠭᠡᠷ ᠲᠣᠭᠠᠲᠤ︶ ᠤᠨ ᠱᠠᠭᠠᠷᠳᠠᠯᠭ᠎ᠠ ᠶᠣᠰᠣᠭᠠᠷ᠂ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠺᠣᠮᠢᠰ᠂ ᠪᠡᠶ᠎ᠡ ᠶᠢᠨ ᠲᠠᠮᠢᠷ ᠤᠨ ᠲᠣᠪᠴᠢᠶ᠎ᠠ᠂ ᠡᠯ᠎ᠡ ᠬᠤᠰᠢᠭᠤ ᠰᠢᠶᠠᠨ ᠲᠣᠭᠤᠷᠢᠭ ᠤᠨ ᠰᠤᠷᠭᠠᠨ ᠬᠥᠮᠦᠵᠢᠯ ᠤᠨ ᠲᠣᠪᠴᠢᠶ᠎ᠠ᠂ ᠰᠤᠷᠭᠠᠭᠤᠯᠢ᠂ ᠭᠡᠷ ᠤᠨ ᠠᠬᠠᠮᠠᠳ᠂  ᠪᠠᠭᠰᠢ  ᠵᠡᠷᠭᠡ  ᠡᠯ᠎ᠡ  ᠲᠠᠯ᠎ᠠ ᠶᠢᠨ  ᠬᠢᠨ ᠤ ᠰᠠᠨᠠᠯ ᠢ ᠥᠷᠭᠡᠨ ᠢᠶᠠᠷ ᠬᠤᠷᠢᠶᠠᠭᠰᠠᠨ ᠰᠠᠭᠤᠷᠢᠨ ᠳᠡᠭᠡᠷ᠎ᠡ᠂ ᠰᠤᠷᠤᠭᠴᠢᠳ ᠤᠨ ᠪᠡᠶ᠎ᠡ ᠮᠠᠬᠠᠪᠤᠳ ᠤᠨ ᠡᠷᠡᠭᠦᠯ  ᠮᠡᠨᠳᠦ  ᠪᠠ  ᠠᠮᠤᠷ  ᠲᠦᠪᠰᠢᠨ ᠢ  ᠦᠨᠡᠨᠬᠦ  ᠪᠠᠲᠤᠯᠠᠬᠤ ᠶᠢᠨ  ᠲᠤᠰᠠᠳᠠ᠂ ᠬᠦᠬᠡᠬᠤᠳᠠ ᠶᠢᠨ 2023 ᠣᠨ ᠤ ᠠᠩᠬ᠎ᠠ  ᠵᠡᠷᠭᠡ ᠶᠢᠨ  ᠳᠤᠮᠳᠠᠳᠤ  ᠰᠤᠷᠭᠠᠭᠤᠯᠢ ᠠᠴᠠ ᠳᠡᠭᠡᠳᠦ  ᠳᠣᠮᠳᠠᠳᠣ ᠳᠤ ᠡᠯᠰᠡᠬᠦ ᠰᠢᠯᠭᠠᠯᠲᠠ ᠶᠢᠨ ᠪᠡᠶ᠎ᠡ ᠶᠢᠨ ᠲᠠᠮᠢᠷ ᠤᠨ ᠲᠥᠷᠥᠯ ᠵᠦᠢᠯ ᠳᠤ ᠳᠣᠣᠷᠠᠬᠢ ᠮᠡᠲᠦ ᠲᠣᠬᠢᠷᠠᠭᠤᠯᠤᠯᠲᠠ ᠬᠢᠪᠡ᠃        ᠨᠢᠭᠡ ᠳᠤ᠂ 2023 ᠣᠨ ᠤ ᠳᠡᠭᠡᠳᠦ ᠳᠣᠮᠳᠠᠳᠣ ᠳᠤ ᠡᠯᠰᠡᠬᠦ ᠪᠡᠶ᠎ᠡ ᠶᠢᠨ ᠲᠠᠮᠢᠷ ᠤᠨ ᠰᠢᠯᠭᠠᠯᠲᠠ ᠶᠢᠨ ᠬᠤᠪᠢ ᠨᠢ 40 ᠬᠤᠪᠢ᠃                ᠬᠤᠶᠠᠷ ᠲᠤ᠂ 2023  ᠣᠨ ᠤ  ᠳᠡᠭᠡᠳᠦ  ᠳᠣᠮᠳᠠᠳᠣ ᠳᠤ  ᠡᠯᠰᠡᠬᠦ  ᠰᠢᠯᠭᠠᠯᠲᠠ ᠶᠢᠨ  ᠪᠡᠶ᠎ᠡ ᠶᠢᠨ ᠲᠠᠮᠢᠷ ᠤᠨ ᠰᠢᠯᠭᠠᠯᠲᠠ ᠳᠤ 1000 ᠮᠧᠲᠷ ︵ᠡᠷᠡᠭᠲᠡᠢ  ᠰᠣᠷᠣᠭᠴᠢ︶᠂  800  ᠮᠧᠲᠷ  ︵ᠡᠮᠡᠭᠲᠡᠢ  ᠰᠣᠷᠣᠭᠴᠢ︶ ᠤᠨ ᠰᠢᠯᠭᠠᠯᠲᠠ ᠶᠢᠨ ᠲᠥᠷᠥᠯ ᠵᠦᠢᠯ ᠢ ᠦᠭᠡᠶᠢᠰᠬᠡᠵᠦ᠂ ᠰᠢᠯᠭᠠᠭᠤᠯᠤᠭᠰᠠᠳ ᠤᠨ ᠲᠣᠰ ᠲᠥᠷᠥᠯ ᠵᠦᠢᠯ ᠤᠨ ᠬᠢᠷᠢ  ᠪᠦᠲᠦᠮᠵᠢ ᠶᠢ  ᠪᠦᠷᠢᠨ ᠬᠤᠪᠢ 20 ᠬᠤᠪᠢ ᠪᠠᠷ ᠶᠡᠷᠦᠩᠬᠡᠢ ᠬᠤᠪᠢ ᠳᠤ ᠪᠤᠳᠤᠵᠤ ᠣᠷᠣᠭᠤᠯᠤᠨ᠎ᠠ᠃        ᠭᠤᠷᠪᠠ ᠳᠤ᠂ 2023 ᠣᠨ ᠤ ᠳᠡᠭᠡᠳᠦ  ᠳᠣᠮᠳᠠᠳᠣ ᠳᠤ ᠡᠯᠰᠡᠬᠦ  ᠰᠢᠯᠭᠠᠯᠲᠠ ᠶᠢᠨ ᠪᠡᠶ᠎ᠡ ᠶᠢᠨ ᠲᠠᠮᠢᠷ ᠤᠨ ᠰᠢᠯᠭᠠᠯᠲᠠ ᠳᠤ ᠬᠤᠯᠠ ᠬᠠᠷᠠᠶᠢᠯᠲᠠ ᠶᠢ ᠦᠯᠡᠳᠡᠭᠡᠵᠦ᠂ ᠲᠤᠰ ᠲᠦᠷᠦᠯ ᠵᠦᠢᠯ ᠤᠨ ᠪᠦᠷᠢᠨ ᠬᠤᠪᠢ 10 ᠬᠤᠪᠢ‌‍ᠰᠢᠯᠭᠠᠯᠲᠠ᠂ ᠪᠣᠳᠠᠲᠠᠢ ᠰᠢᠯᠭᠠᠯᠲᠠ ᠶᠢᠨ ᠬᠢᠷᠢ ᠪᠦᠲᠦᠮᠵᠢ ᠪᠠᠷ ᠶᠡᠷᠦᠩᠬᠡᠢ ᠬᠤᠪᠢ ᠳᠤ ᠪᠤᠳᠤᠵᠤ ᠣᠷᠣᠭᠤᠯᠤᠨ᠎ᠠ᠃        ᠳᠥᠷᠪᠡ ᠳᠤ᠂ 2023 ᠣᠨ ᠤ ᠳᠡᠭᠡᠳᠦ ᠳᠣᠮᠳᠠᠳᠣ ᠳᠤ ᠡᠯᠰᠡᠬᠦ ᠰᠢᠯᠭᠠᠯᠲᠠ ᠳᠤ ᠢᠯᠡ ᠪᠠᠷ ᠭᠤᠷᠪᠠᠨ ᠳᠦᠷᠦᠯ ᠤᠨ ᠪᠡᠶ᠎ᠡ ᠶᠢᠨ ᠲᠠᠮᠢᠷ  ᠠᠴᠠ ᠨᠢᠭᠡ ᠶᠢ ᠰᠣᠩᠭᠤᠨ᠎ᠠ᠃ ᠲᠤᠰ  ᠲᠦᠷᠦᠯ  ᠵᠦᠢᠯ ᠤᠨ  ᠪᠦᠷᠢᠨ  ᠬᠤᠪᠢ  10  ᠬᠤᠪᠢ᠂ ᠪᠣᠳᠠᠲᠠᠢ ᠰᠢᠯᠭᠠᠯᠲᠠ ᠶᠢᠨ ᠬᠢᠷᠢ ᠪᠦᠲᠦᠮᠵᠢ ᠪᠠᠷ ᠶᠡᠷᠦᠩᠬᠡᠢ ᠬᠤᠪᠢ ᠳᠤ ᠪᠤᠳᠤᠵᠤ ᠣᠷᠣᠭᠤᠯᠤᠨ᠎ᠠ ᠭᠡᠵᠡᠢ᠃
ᠢᠷᠡᠯᠲᠡ᠄ ᠠᠷᠠᠳ ᠤᠨ ᠰᠦᠯᠵᠢᠶ᠎ᠡ