ᠬᠤᠯᠠ ᠶᠢᠨ ᠪᠠᠷ᠎ᠠ
ᠨᠡᠶᠢᠲᠡᠯᠡᠭᠰᠡᠨ ᠴᠠᠭ᠄
2023/3/7
     ᠮᠡᠩᠬᠠᠨ ᠳᠡᠭᠡᠷ᠎ᠡ ᠪᠠᠨ ᠠᠯᠬᠤᠨ ᠭᠠᠷᠤᠯ᠎ᠠ     ᠮᠠᠷᠭᠠᠰᠢ ᠶᠢᠨ ᠪᠠᠷ᠎ᠠ ᠶᠢ ᠰᠤᠨᠢᠷᠬᠠᠨ ᠬᠠᠷᠠᠯ᠎ᠠ     ᠮᠠᠨᠠᠷᠠᠵᠤ ᠪᠦᠷᠳᠥᠯᠵᠡᠬᠦ ᠠᠯᠤᠰ ᠤᠨ ᠵᠡᠷᠭᠡᠯᠭᠡᠨ     ᠨᠠᠮ᠎ᠠ ᠶᠢ ᠨᠦᠢᠷ ᠠᠴᠠ ᠲᠠᠭᠤᠳᠠᠨ ᠰᠡᠷᠡᠭᠡᠯ᠎ᠡ᠃     ᠰᠠᠨᠠᠭ᠎ᠠ ᠰᠡᠳᠭᠢᠯ ᠤᠨ ᠮᠢᠨᠢ ᠤᠶᠠᠭᠠᠰᠤ ᠪᠤᠯᠤᠭᠰᠠᠨ     ᠰᠠᠳᠤᠨ ᠠᠮᠠᠷᠠᠭ ᠴᠢᠮ᠎ᠠ ᠪᠠᠨ ᠳᠤᠷᠠᠰᠬᠤ ᠳᠤ     ᠰᠠᠯᠬᠢᠨ ᠤ ᠴᠡᠪᠡᠷᠭᠡᠨ ᠢᠯᠪᠢᠯᠳᠠ ᠳᠤᠮᠳᠠᠬᠢ      ᠰᠠᠴᠤᠷᠠᠵᠤ ᠴᠡᠩᠭᠡᠷᠯᠡᠬᠦ ᠬᠦᠳᠡᠭᠡ ᠰᠢᠭ ᠪᠠᠶᠢᠨᠠᠮ᠃     ᠪᠠᠭ᠎ᠠ ᠶᠢᠨ ᠵᠢᠭᠠᠬᠠᠨ ᠨᠠᠰᠤ ᠭᠡᠮᠡᠭᠴᠢ     ᠪᠠᠯ ᠪᠤᠷᠠᠮ ᠤᠨ ᠰᠢᠮᠠᠳᠠᠢ ᠶᠤᠮ ᠰᠢᠦ     ᠪᠠᠭᠠᠳᠠᠯᠳᠤ ᠠᠮᠠᠷᠠᠭ ᠤᠨ ᠨᠠᠮᠤᠭᠤᠬᠠᠨ ᠰᠢᠪᠡᠨᠡᠭᠡ ᠭᠡᠭᠴᠢ     ᠪᠠᠶᠠᠯᠢᠭ ᠠᠮᠢᠳᠤᠷᠠᠯ ᠤᠨ ᠵᠠᠶᠠᠭ᠎ᠠ ᠲᠠᠢ ᠳᠤᠷᠠᠳᠬᠠᠯ᠃      ᠰᠤᠯᠢ ᠲᠠᠢ ᠦᠨᠳᠥᠷ ᠮᠠᠩᠬᠠᠨ ᠤᠷᠤᠢ ᠳᠤ     ᠰᠠᠷᠠᠪᠴᠢᠯᠠᠨ ᠰᠠᠷᠠᠪᠴᠢᠯᠠᠨ ᠰᠠᠭᠤᠯ᠎ᠠ ᠪᠢ     ᠰᠠᠶᠢᠬᠠᠨ ᠠᠮᠠᠷᠠᠭ ᠴᠢᠮ᠎ᠠ ᠪᠠᠨ ᠮᠦᠷᠥᠭᠡᠳᠥᠭᠰᠡᠨ ᠰᠡᠳᠭᠢᠯ     ᠰᠠᠯᠬᠢᠨ ᠳᠤ ᠨᠡᠭᠦᠭᠰᠡᠨ ᠡᠬᠦᠯᠡᠰ ᠠᠳᠠᠯᠢᠬᠠᠨ᠃     ᠳᠤᠷᠠᠯᠠᠯ ᠬᠠᠶᠢᠷ᠎ᠠ ᠶᠢᠨ ᠳᠤᠮᠤᠭ᠎ᠠ ᠦᠭᠡᠢ ᠪᠤᠳᠤᠯ     ᠳᠤᠮᠳᠠᠭᠤᠷ ᠰᠠᠨᠠᠭᠠᠨ ᠤ ᠮᠢᠨᠢ ᠳᠤᠮᠢᠶ᠎ᠠ ᠦᠭᠡᠢ ᠬᠦᠰᠡᠯ     ᠳᠤᠷᠳᠤᠩ ᠨᠤᠭᠤᠭᠠᠨ ᠳᠤᠷᠭᠠᠨ ᠠᠯᠴᠢᠭᠤᠷ ᠢ ᠴᠢᠨᠢ     ᠨᠠᠨᠳᠢᠩᠨᠠᠨ ᠬᠠᠳᠠᠭᠠᠯᠠᠵᠤ ᠯᠠ ᠶᠠᠪᠤᠭᠰᠠᠨ ᠶᠤᠮ᠃     ᠡᠭᠡᠯᠵᠢᠯᠡᠬᠦ ᠡᠳᠥᠷ ᠬᠤᠨᠤᠭ ᠤᠨ ᠤᠷᠳᠤ ᠠᠶᠠᠨ ᠳᠤ     ᠡᠯᠡᠭᠳᠡᠵᠥ ᠰᠡᠮᠡᠷᠡᠨ ᠬᠠᠭᠤᠴᠢᠷᠠᠭᠰᠠᠨ ᠴᠤ     ᠡᠯᠢᠭᠡ ᠵᠢᠷᠥᠬᠡᠨ ᠳᠡᠭᠡᠨ ᠡᠩᠰᠡᠯᠭᠡᠨ ᠪᠠᠶᠢᠵᠤ        ᠡᠩᠭᠦᠷᠡᠶᠢᠯᠡᠵᠥ ᠪᠦᠪᠠᠶᠢᠯᠡᠨ ᠭᠠᠮᠨᠠᠭᠰᠠᠭᠠᠷ ᠡᠳᠥᠭᠡ ᠪᠤᠯᠵᠠᠢ᠃     ᠴᠠᠯ ᠵᠠᠯᠠᠭᠤ ᠶᠢᠨ ᠦᠶ᠎ᠡ ᠵᠢᠭᠤᠳᠠᠭᠰᠠᠨ ᠴᠤ     ᠴᠠᠶᠢᠵᠤ ᠪᠤᠭᠤᠷᠤᠯᠳᠤᠭᠰᠠᠨ ᠦᠰᠥ ᠳᠤᠯᠤᠭᠠᠢ     ᠴᠠᠢ ᠶᠢᠨ ᠰᠢᠭᠠᠷᠤ᠂ ᠴᠤᠮᠤ ᠲᠠᠢ ᠠᠷᠢᠬᠢ ᠮᠢᠨᠢ     ᠴᠠᠭᠯᠠᠰᠢ ᠦᠭᠡᠢ ᠤᠯᠠᠨ ᠲᠡᠤᠭᠡ ᠦᠭᠦᠯᠡᠨ᠎ᠡ᠃      ᠰᠢᠷᠭᠠᠯᠳᠤᠨ ᠬᠠᠷᠠᠭᠳᠠᠬᠤ ᠬᠤᠯᠠ ᠶᠢᠨ ᠪᠠᠷ᠎ᠠ     ᠰᠢᠵᠢᠷᠳᠤᠵᠤ ᠲᠤᠶᠠᠭᠠᠷᠠᠨ ᠤᠨᠢᠶᠠᠷ ᠳᠠᠳᠠᠨ᠎ᠠ        ᠰᠢᠯᠵᠢᠰᠢ ᠦᠭᠡᠢ ᠪᠤᠴᠠᠭᠰᠠᠨ ᠵᠠᠯᠠᠭᠤ ᠨᠠᠰᠤ ᠮᠢᠨᠢ     ᠰᠠᠶ᠎ᠠ ᠶᠢᠨ ᠭᠠᠵᠠᠷ ᠲᠤ ᠦᠯᠢᠭᠡᠷ ᠶᠠᠷᠢᠨ᠎ᠠ᠃ 
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ