ᠦᠷᠯᠦ᠋ᠬᠦᠳ ᠤᠪᠤᠭ ᠤᠨ ᠳᠤᠬᠠᠢ
ᠨᠡᠶᠢᠲᠡᠯᠡᠭᠰᠡᠨ ᠴᠠᠭ᠄
2023/3/31
            ᠡᠵᠡᠨ ᠪᠣᠭᠳᠠ ᠴᠢᠩᠭᠢᠰ ᠬᠠᠭᠠᠨ ᠤ ᠰᠤᠷᠭᠠᠯ ᠠᠴᠠ ᠦᠭᠦᠯᠡᠭᠰᠡᠨ ᠢᠨᠦ᠄ ︽ᠲᠠᠯ᠎ᠠ ᠶᠢᠨ ᠡᠪᠡᠰᠦᠨ ᠤ ᠰᠢᠷ᠎ᠠ ᠰᠢᠮᠠᠭᠤᠯ ᠂ ᠬᠥᠬᠡ ᠲᠦᠷᠦᠬᠦᠦ ᠳᠤᠷ ᠪᠣᠯᠪᠠᠴᠤ ᠮᠥᠨ ᠡᠭᠦᠰᠴᠦ ᠪᠦᠲᠦᠭᠰᠡᠨ ᠤᠴᠢᠷ ᠰᠢᠯᠲᠠᠭᠠᠨ ᠪᠤᠢ ᠪᠥᠭᠡᠲᠡᠯ᠎ᠡ ᠠᠮᠢᠲᠠᠨ ᠤ ᠣᠬᠢ ᠬᠦᠮᠦᠨ ᠲᠦᠷᠦᠯᠬᠢᠲᠡᠨ ᠨᠢ ᠢᠵᠠᠭᠤᠷ ᠦᠨᠳᠦᠰᠦᠨ ᠤ ᠡᠬᠢ ᠡᠭᠦᠰᠭᠡᠯ ᠦᠭᠡᠢ ᠪᠣᠯᠬᠤ ᠶᠣᠰᠣᠨ ᠪᠤᠶᠤ᠂ ᠲᠡᠭᠦᠨ ᠢᠶᠠᠨ ᠡᠰᠡ ᠮᠡᠳᠡᠪᠡᠰᠦ ᠬᠤᠷᠣᠬᠠᠢ ᠰᠢᠮᠠᠭᠤᠯ ᠳᠤ ᠴᠤ ᠦᠯᠦ ᠬᠦᠷᠬᠦ︾ ᠭᠡᠮᠡᠵᠦᠭᠦᠢ ︵ᠹ᠊ · ᠪᠥᠬᠡ ︽ᠮᠣᠩᠭᠤᠯ ᠠᠶᠢᠮᠠᠭ ︿ᠣᠪᠣᠭ﹀  ᠤᠨ ᠤᠯᠠᠮᠵᠢᠯᠠᠭᠳᠠᠯ ᠤᠨ ᠲᠤᠬᠠᠢ ᠮᠥᠴᠢᠳ ᠣᠶᠢᠯᠠᠭᠠᠯᠲᠠ︾᠂ ᠦᠪᠦᠷ ᠮᠤᠩᠭᠤᠯ ᠤᠨ ᠡᠳᠦᠷ ᠤᠨ ᠰᠤᠨᠢᠨ᠂ 1988. 04.05︶᠃ ︽ᠤᠷᠴᠢᠯᠠᠩ ᠤᠨ ᠳᠡᠭᠡᠷ᠎ᠠ ᠬᠦᠮᠥᠨ ᠤ ᠡᠷᠬᠡᠲᠡᠨ ᠴᠣᠭᠴᠠ ᠶᠢ ᠠᠪᠤᠨ ᠲᠦᠷᠥᠭᠡᠳ᠂ ᠦᠪᠡᠷ ᠤᠨ ᠤᠭ ᠦᠨᠳᠦᠰᠦ ᠤᠪᠣᠭ ᠢᠵᠠᠭᠤᠷ ᠢᠶᠠᠨ ᠡᠰᠡ ᠮᠡᠳᠡᠪᠡᠰᠦ᠂ ᠶᠡᠭᠡ ᠬᠡᠭᠡᠷ᠎ᠠ᠂ ᠭᠦᠨ ᠤᠢ ᠶᠢᠨ ᠳᠣᠲᠣᠷᠠᠬᠢ ᠬᠡᠳᠡᠷ ᠰᠡᠷᠪᠡᠭᠡᠷ ᠬᠠᠳᠠ ᠬᠠᠶᠢᠷᠬᠠᠨ᠎ᠠ ᠤᠷᠣᠰᠢᠬᠤ ᠮᠣᠷᠢᠨ ᠰᠠᠷᠮᠠᠭᠴᠢᠨ ᠠᠴᠠ ᠦᠭᠡᠷ᠎ᠠ ᠶᠠᠮᠪᠠᠷ ᠢᠯᠭᠠᠯ ᠪᠤᠢ ᠠᠵᠢ︾ ᠭᠡᠵᠦ ᠭᠤᠷᠪᠠᠳᠤᠭᠠᠷ ᠳᠠᠯᠠᠢ ᠯᠠᠮᠠ ᠶᠣᠨᠳᠣᠨᠵᠠᠮᠰᠤ ᠦᠭᠦᠯᠡᠭᠰᠡᠨ ᠪᠠᠶᠢᠳᠠᠭ ᠡ᠃ ᠮᠦᠨ ᠴᠤ ᠶᠡᠭᠡ ᠶᠤᠧᠠᠨ ᠤᠯᠤᠰ ᠤᠨ ᠮᠠᠨᠳᠤᠭᠰᠠᠨ ᠲᠦᠷᠥ ᠶᠢᠨ ᠬᠦᠬᠡ ᠰᠤᠳᠤᠷ ᠤᠨ ᠨᠢᠭᠡᠨ ᠢᠵᠢ ᠲᠣᠪᠴᠢᠲᠤ ᠲᠤᠯᠲᠤ ᠶᠢᠨ ᠭᠤᠳᠠᠭᠠᠷ ᠠᠩᠭᠢ ᠳᠤ ︽ᠬᠤᠶᠠᠷ ᠨᠢᠳᠦ ᠪᠦᠯᠳᠡᠶᠢᠵᠦ ᠪᠠᠶᠢᠭᠠᠳ ᠦᠪᠡᠷ ᠤᠨ ᠤᠭ᠂ ᠦᠨᠳᠦᠰᠦᠲᠡᠨ ᠤ ᠲᠡᠦᠬᠡ ᠪᠢᠴᠢᠭ ᠪᠠ ᠴᠠᠳᠢᠭ ᠰᠤᠳᠤᠷ ᠢᠶᠠᠨ ᠦᠯᠦ ᠦᠵᠡᠨ᠂ ᠦᠷᠡᠳᠦᠰ ᠳᠡᠭᠡᠳᠦᠰ ᠤᠭᠰᠠᠭ᠎ᠠ ᠡᠰᠢ ᠪᠠᠨ ᠦᠯᠦ ᠮᠡᠳᠡᠪᠡᠯ᠂ ᠬᠦᠮᠥᠨ ᠭᠡᠵᠦ ᠭᠡᠯᠡᠭᠡᠳ ᠶᠠᠭᠠᠬᠢᠬᠤ ᠪᠤᠢ︕︾ ᠭᠡᠰᠡᠨ ᠪᠠᠶᠢᠳᠠᠭ᠃ ᠲᠡᠶᠢᠮᠦ᠂ ᠪᠢᠳᠡ ᠬᠦᠮᠥᠨ ᠭᠡᠵᠦ ᠲᠦᠷᠥᠭᠡᠳ ᠦᠪᠡᠷ ᠤᠨ ᠤᠭ ᠤᠳᠤᠮ᠂ ᠲᠡᠦᠬᠡ ᠭᠠᠷᠤᠯ ᠢᠶᠠᠨ ᠮᠡᠳᠡᠬᠦ ᠶᠣᠰᠤᠲᠠᠢ ᠪᠤᠢ᠃ ᠤᠪᠤᠭ ᠪᠤᠯ ᠬᠦᠮᠦᠨ ᠲᠦᠷᠦᠯᠬᠢᠲᠡᠨ ᠤ ᠨᠡᠶᠢᠬᠡᠮ ᠤᠨ ᠬᠦᠭᠵᠢᠯᠳᠡ ᠶᠢ ᠬᠠᠷᠠᠭᠤᠯᠤᠭᠰᠠᠨ ᠰᠤᠶᠤᠯ ᠤᠨ ᠦᠵᠡᠭᠳᠡᠯ ᠮᠦᠨ᠃ ᠳᠡᠯᠡᠬᠡᠢ ᠶᠢᠨ ᠣᠯᠠᠨ ᠡᠷᠳᠡᠮᠳᠡᠨ ᠰᠤᠳᠤᠯᠭᠠᠳᠠᠨ ᠨᠠᠷ ᠮᠤᠩᠭᠤᠯ ᠤᠪᠤᠭ ᠤᠨ ᠳᠤᠬᠠᠢ ᠠᠯᠢ ᠡᠷᠳᠡᠨ ᠠᠴᠠ ᠰᠤᠳᠤᠯᠭ᠎ᠠ ᠬᠢᠵᠦ᠂ ᠲᠡᠷᠡ ᠳᠤᠬᠠᠢ ᠲᠡᠦᠬᠡ ᠲᠡᠮᠳᠡᠭᠯᠡᠯ ᠤᠳ ᠢ ᠦᠯᠡᠳᠡᠭᠡᠵᠡᠢ᠃ ᠮᠤᠩᠭᠤᠯᠴᠤᠳ ᠠᠯᠢ ᠢᠵᠠᠭᠤᠷ ᠠᠴᠠ ᠪᠠᠨ ᠠᠪᠤᠭᠠᠳ ᠦᠪᠡᠷ ᠤᠨ ᠤᠭ ᠭᠠᠷᠤᠯ᠂ ᠤᠳᠤᠮ ᠤᠭᠰᠠᠭ᠎ᠠ᠂ ᠤᠪᠤᠭ ᠶᠠᠰᠤᠳᠠᠨ ᠢᠶᠠᠨ ᠡᠷᠬᠢᠮᠨᠡᠨ ᠦᠵᠡᠵᠦ᠂ ᠦᠶ᠎ᠡ ᠶᠢᠨ ᠦᠶ᠎ᠡ ᠳᠤᠳᠤᠷᠬᠠᠢ ᠣᠯᠠᠮᠵᠢᠯᠠᠵᠤ ᠶᠠᠪᠤᠳᠠᠭ ᠢ ᠠᠩᠬᠠᠷᠳᠠᠭ ᠪᠠᠶᠢᠭᠰᠠᠨ ᠨᠢ ᠦᠨᠡᠨ᠃ ᠶᠠᠰᠤ ᠣᠪᠣᠭ ᠢᠶᠠᠨ ᠰᠠᠶᠢᠨ ᠮᠡᠳᠡᠵᠦ ᠪᠠᠶᠢᠬᠤ ᠶᠢᠨ ᠠᠰᠢᠭᠲᠠᠢ ᠲᠠᠯ᠎ᠠ ᠶᠢ ᠳᠤᠷᠠᠳᠪᠠᠯ᠂ ︽ᠣᠶᠢᠷ᠎ᠠ ᠲᠥᠷᠥᠯ ᠴᠢᠰᠦ ᠣᠶᠢᠷᠠᠳᠬᠤ ᠦᠭᠡᠢ ᠪᠠᠶᠢᠬᠤ ᠳᠤ ᠠᠰᠢᠭᠲᠠᠢ ᠂ ᠣᠪᠣᠭ ᠨᠡᠷ᠎ᠡ ᠪᠠᠨ ᠡᠮᠦᠨ᠎ᠡ ᠨᠢ ᠬᠡᠷᠡᠭᠯᠡᠪᠡᠯ ᠬᠦᠮᠦᠨ ᠤ ᠨᠡᠷ᠎ᠡ ᠲᠠᠢ ᠳᠠᠪᠬᠤᠷᠳᠠᠬᠤ ᠲᠣᠬᠢᠶᠠᠯᠳᠤᠯ ᠠᠴᠠ ᠵᠠᠶᠢᠯᠠᠰᠬᠢᠬᠦ ᠪᠤᠶᠤ ᠴᠥᠭᠡᠷᠡᠭᠦᠯᠵᠦ ᠴᠢᠳᠠᠬᠤ ᠳᠤ ᠠᠰᠢᠭᠲᠠᠢ᠃ ᠤᠳᠤᠮᠰᠢᠯ ᠤᠨ ᠡᠪᠡᠳᠴᠢᠨ ᠠᠴᠠ ᠵᠠᠶᠢᠯᠠᠰᠭᠢᠵᠦ᠂ ᠬᠡᠦᠬᠡᠳ ᠤᠨ ᠪᠡᠶ᠎ᠡ ᠶᠢᠨ ᠡᠷᠡᠭᠦᠯ ᠮᠡᠨᠳᠦ ᠳᠤ ᠠᠰᠢᠭᠲᠠᠢ᠃ ᠤᠳᠤᠮ ᠤᠭᠰᠠᠭ᠎ᠠ ᠪᠠᠨ ᠮᠠᠷᠲᠠᠬᠤ ᠦᠭᠡᠢ ᠪᠤᠯ ᠦᠶ᠎ᠡ ᠳᠠᠮᠵᠢᠨ ᠤᠯᠠᠮᠵᠢᠯᠠᠬᠤ ᠳᠤ ᠠᠰᠢᠭᠲᠠᠢ ᠪᠠᠶᠢᠳᠠᠭ︾ ᠭᠡᠬᠦ ᠵᠡᠷᠭᠡ ᠪᠠᠷ ᠡᠷᠳᠡᠮᠲᠡᠨ ᠮᠡᠷᠭᠡᠳ ᠰᠠᠶᠢᠲᠤᠷ ᠣᠨᠣᠭᠠᠨ ᠥᠭᠦᠯᠡᠭᠰᠡᠨ ᠪᠠᠶᠢᠳᠠᠭ᠃ ᠤᠪᠤᠭ ᠤᠨ ᠳᠤᠬᠠᠢ ᠮᠠᠨ ᠤ ᠣᠯᠣᠰ ᠤᠨ ᠣᠯᠠᠨ ᠠᠷᠪᠢᠨ ᠡᠷᠳᠡᠮᠳᠡᠨ ᠰᠤᠳᠤᠯᠤᠭᠠᠴᠢᠳ ᠶᠠᠩᠵᠤ ᠪᠦᠷᠢ ᠶᠢᠨ ᠰᠤᠳᠤᠯᠭ᠎ᠠ ᠬᠢᠵᠦ ᠬᠠᠶᠢᠨ ᠰᠢᠨᠵᠢᠯᠡᠭᠰᠡᠨ ᠪᠠᠶᠢᠳᠠᠭ᠃ ᠵᠢᠱᠢᠶᠡᠯᠡᠬᠦ ᠳᠤ ᠭ᠊ · ᠵᠢᠷᠭᠠᠯᠰᠠᠶᠢᠬᠠᠨ ᠤ ᠪᠢᠴᠢᠭᠰᠡᠨ ︽ᠮᠤᠩᠭᠤᠯᠴᠤᠳ ᠤᠨ ᠤᠪᠤᠭ ᠢᠶᠠᠨ ᠦᠩᠬᠡ ᠵᠢᠰᠤ ᠪᠠᠷ ᠪᠡᠯᠬᠡᠳᠡᠨ ᠨᠡᠷᠡᠯᠡᠳᠡᠭ ᠳᠤᠬᠠᠢ︾ ᠬᠡᠮᠡᠬᠦ ᠡᠷᠳᠡᠮ ᠰᠢᠨᠵᠢᠯᠡᠬᠡᠨ ᠤ ᠦᠬᠦᠯᠡᠯ᠂ ᠮᠠᠨᠳᠤᠬᠤ ᠶᠢᠨ ︽ ᠮᠤᠩᠭᠤᠯᠴᠤᠳ ᠤᠨ ᠤᠪᠤᠭ ᠨᠡᠷ᠎ᠡ ᠶᠢᠨ ᠤᠴᠢᠷ︾ ᠭᠡᠮᠡᠬᠦ ᠡᠷᠳᠡᠮ ᠰᠢᠨᠵᠢᠯᠡᠬᠡᠨ ᠤ ᠦᠬᠦᠯᠡᠯ᠂ ᠠᠯᠳᠠᠳ ᠲᠡᠮᠪᠡ ᠶᠢᠨ ︽ ᠮᠤᠩᠭᠤᠯ ᠤᠪᠤᠭ ᠢᠶᠠᠨ ᠪᠠᠶᠢᠩᠭᠤ ᠬᠡᠷᠡᠭᠯᠡᠬᠦ ᠳᠤᠬᠠᠢ ᠤᠴᠢᠷᠯᠠᠬᠤ ᠨᠢ︾ ᠡᠷᠳᠡᠮ ᠰᠢᠨᠵᠢᠯᠡᠬᠡᠨ ᠤ ᠦᠬᠦᠯᠡᠯ ᠵᠢᠴᠢ ᠤᠷᠢᠬᠠᠨ ᠪᠤᠯᠤᠨ ᠵᠤᠭᠠᠴᠢᠨ ᠨ᠊ · ᠨᠠᠳᠮᠢᠳ ᠤᠨ ︽ᠮᠢᠩᠭᠠᠨ ᠤᠪᠤᠭ︾ ᠤᠨ ᠬᠠᠷᠢᠴᠠᠭᠤᠯᠤᠯ ᠨᠣᠮ᠂ ᠮᠢᠩᠭᠠᠳ ᠱ᠊ · ᠲᠦᠩᠰᠢᠩ ᠤᠨ ︽ᠮᠤᠩᠭᠤᠯ ᠤᠪᠤᠭ ᠤᠨ ᠳᠤᠪᠴᠢᠶᠠᠨ︾ ᠨᠣᠮ᠂ ᠰᠤᠯᠤᠩᠭᠤᠳ ᠪ᠊ · ᠪᠤᠶᠠᠨ ᠤ ︽ᠤᠷᠳᠤᠰ ᠮᠤᠩᠭᠤᠯ ᠤᠪᠤᠭ ᠤᠨ ᠳᠤᠬᠠᠢ ᠬᠠᠶᠢᠯᠳᠠ︾ ᠨᠣᠮ᠂ ᠰᠣᠨᠣᠮ ᠪᠤᠯᠤᠨ ᠤᠷᠢᠬᠠᠨ ᠤ ︽ᠮᠤᠩᠭᠤᠯ ᠤᠪᠤᠭ ᠤᠨ ᠪᠦᠷᠢᠳᠭᠡᠯ︾ ᠨᠤᠮ᠂ ᠪᠤᠤ ᠰᠢ ᠪᠤᠯᠤᠨ ᠪᠤᠶᠠᠨᠬᠦᠦ ᠶᠢᠨ ︽ᠮᠤᠩᠭᠤᠯ ᠤᠪᠤᠭ ᠤᠨ ᠤᠴᠢᠷ︾ ᠨᠤᠮ᠂ ᠮᠢᠩᠭᠠᠳ ᠱ᠊ · ᠲᠦᠩᠰᠢᠩ ᠤᠨ ︽ᠴᠠᠬᠠᠷ ᠮᠤᠩᠭᠤᠯ ᠤᠪᠤᠭ ᠤᠨ ᠴᠢᠭᠤᠯᠭᠠᠨ︾ ᠨᠤᠮ᠂ ᠰᠤᠨᠤᠮ ᠪᠤᠯᠤᠨ ᠪᠠᠶᠠᠨ ᠤ ︽ᠮᠤᠩᠭᠤᠯ ᠤᠪᠤᠭ ᠤᠨ ᠲᠡᠬᠦᠪᠦᠷᠢ︾ ᠨᠤᠮ ᠵᠡᠷᠭᠡ ᠶᠢ ᠲᠤᠷᠠᠳᠴᠤ ᠪᠤᠯᠤᠨ᠎ᠠ᠃          ᠮᠢᠩᠭᠠᠳ ᠱ᠊ · ᠳᠦᠩᠰᠢᠭ ᠤᠨ ︽ᠮᠤᠩᠭᠤᠯ ᠤᠪᠤᠭ ᠤᠨ ᠲᠤᠪᠴᠢᠶᠠᠨ︾ ᠨᠤᠮ ᠳᠤ ᠦᠭᠡ ᠶᠢᠨ ᠢᠵᠠᠭᠤᠷ ᠦᠷᠦ᠂ ᠦᠷᠯᠥ᠋ᠭ ᠬᠡᠬᠦ ᠦᠭᠡ ᠶᠢ ᠦᠷᠦ ᠵᠢᠷᠦᠭᠡᠨ ᠤ᠂ ᠦᠷᠤ ᠲᠤᠳᠤᠨᠤ ᠶᠢᠨ ᠬᠡᠮᠡᠬᠦ ᠦᠬᠡᠨ ᠠᠴᠠ ᠡᠬᠦᠰᠦᠭᠰᠡᠨ ᠭᠡᠳᠡᠭ ᠲᠤᠯᠠ ᠲᠠᠳᠡᠭᠡᠷ ᠦᠷᠯᠦ᠋ᠭ ᠤᠳ ᠪᠤᠯ ᠮᠤᠩᠭᠤᠯ ᠤᠨ ᠬᠠᠭᠠᠨ ᠤ ᠰᠢᠳᠠᠷ ᠳᠤᠳᠤᠨᠤ ᠨᠦᠭᠦᠳ ᠪᠤᠯᠬᠤ ᠠᠵᠢ᠃ ᠥᠷᠯᠥ᠋ᠬᠦᠳ ᠪᠤᠯ ᠦᠷᠦ ᠶᠢᠨ ᠣᠯᠠᠨ ᠳᠤᠭ᠎ᠠ ᠶᠢ ᠢᠯᠡᠳᠭᠡᠭᠰᠡᠨ ᠬᠡᠯᠪᠡᠷᠢ ᠪᠤᠯᠤᠨ᠎ᠠ᠃ ᠪᠠᠰᠠ ᠳᠠᠶᠢᠴᠢᠨ ᠪᠠᠭᠠᠳᠤᠷ ᠭᠡᠮᠡᠬᠦ ᠤᠳᠭ᠎ᠠ ᠲᠠᠢ ᠃ ᠮᠤᠩᠭᠤᠯ ᠤᠭᠰᠠᠭᠠᠲᠠᠨ ᠲᠠᠶᠢᠨ ᠲᠤᠯᠤᠯᠳᠤᠭᠠᠨ ᠳᠤ ᠡᠷᠡᠯᠬᠡᠭ ᠪᠠᠭᠠᠳᠤᠷᠯᠢᠭ᠂ ᠦᠯᠡᠮᠵᠢ ᠭᠠᠪᠢᠶ᠎ᠠ ᠵᠢᠳᠭᠦᠯ ᠭᠠᠷᠭᠠᠭᠰᠠᠨ ᠭᠦᠮᠦᠨ ᠳᠤ ᠦᠷᠯᠦ᠋ᠭ ᠴᠤᠯᠠ ᠣᠯᠭᠤᠳᠠᠭ ᠪᠠᠶᠢᠵᠠᠢ᠃ ᠦᠷᠯᠥ᠋ᠭ ᠴᠣᠯᠠᠲᠠᠨ ᠤ ᠦᠷ᠎ᠡ ᠬᠤᠶᠢᠴᠢᠰ ︽ᠦᠷᠯᠦ᠋ᠭᠦᠳ︾ ᠤᠪᠤᠭᠲᠠᠨ ᠪᠤᠯᠪᠠ᠃ ᠦᠷᠯᠦ᠋ᠭᠦᠳ ᠤᠪᠤᠭᠲᠠᠨ ᠦᠪᠡᠷᠰᠡᠳ ᠢ ᠪᠠᠨ ᠴᠢᠩᠬᠢᠰ ᠬᠠᠭᠠᠨ ᠤ ᠦᠶ᠎ᠡ ᠶᠢᠨ ᠵᠢᠦᠨ ᠦᠷᠯᠦ᠋ᠭ ᠵᠠᠩᠵᠤᠨ ᠤ ᠨᠡᠷᠡᠶᠢᠳᠦᠯ ᠠᠴᠠ ᠢᠷᠡᠯ ᠲᠠᠢ ᠭᠡᠳᠡᠭ ᠶᠤᠮ᠃ ᠰᠠᠭᠠᠩ ᠰᠡᠴᠡᠨ ᠤ ︽ᠡᠷᠳᠡᠨᠢ ᠶᠢᠨ ᠲᠤᠪᠴᠢ︾ ᠳᠠᠭᠠᠨ ᠪᠤᠭᠤᠷᠴᠤ ᠵᠢᠦᠨ ᠦᠷᠯᠦ᠋ᠭ ᠤᠨ ᠲᠦᠷᠦᠭᠦᠦ᠂ ᠵᠢᠦᠨ ᠠᠶᠢᠮᠠᠭ ᠤᠨ ᠠᠬᠠᠯᠠᠭᠴᠢ ᠬᠡᠵᠦ ᠲᠡᠮᠳᠡᠭᠯᠡᠭᠰᠡᠨ ᠪᠠᠶᠢᠳᠠᠭ᠃ ︽ ᠴᠢᠩᠬᠢᠰ ᠬᠠᠭᠠᠨ ᠤ ᠨᠢᠮᠠᠨ ᠴᠠᠭᠠᠨ ᠤᠷᠳᠤ︾ ᠳᠤ ︽ᠬᠦᠯᠦ᠋ᠭ ᠪᠤᠭᠤᠷᠴᠤ᠂ ᠬᠦᠯᠦ᠋ᠭ ᠮᠤᠬᠤᠯᠠᠢ᠂ ᠪᠤᠷᠤᠬᠤᠯ᠂ ᠰᠢᠬᠢᠬᠤᠳᠤᠭ᠂ ᠵᠡᠯᠮ᠎ᠡ᠂ ᠵᠡᠪᠡ᠂ ᠴᠤᠤ ᠮᠡᠷᠭᠡᠨ᠂ ᠤᠶᠢᠷᠡᠳ ᠤᠨ ᠬᠠᠷ᠎ᠠ ᠬᠢᠷᠤ᠂ ᠰᠤᠷᠬᠠᠨ ᠰᠢᠷ᠎ᠠ ᠵᠡᠷᠭᠡ ᠵᠢᠦᠨ ᠬᠦᠯᠦ᠋ᠭ ᠤᠨ ᠦᠷ᠎ᠡ︾ ᠬᠡᠵᠦ ᠲᠤᠳᠤᠷᠬᠠᠶᠢᠯᠠᠪᠠ᠃ ᠤᠷᠳᠤᠰ ᠲᠠᠬᠢ ᠦᠷᠯᠦ᠋ᠭᠦᠳ ᠤᠪᠤᠭᠲᠠᠨ ᠤ ᠦᠷ᠎ᠡ ᠬᠤᠶᠢᠴᠢᠰ ᠲᠤᠯᠤᠢ ᠡᠵᠡᠨ ᠤ ᠲᠠᠬᠢᠯᠭ᠎ᠠ ᠶᠢᠨ ᠴᠠᠭᠠᠨ ᠬᠡᠷ ᠲᠤ ᠠᠯᠪᠠ ᠠᠵᠢᠯ ᠬᠦᠢᠴᠡᠳᠭᠡᠵᠦ ᠲᠤᠯᠤᠢ ᠡᠵᠡᠨ ᠤ ᠲᠦᠷᠢ ᠶᠢ ᠲᠡᠬᠢᠵᠤ ᠰᠢᠳᠦᠭᠰᠡᠭᠡᠷ ᠢᠷᠡᠵᠡᠢ᠃ ᠲᠠᠷᠬᠠᠯᠲᠠ ᠪᠠ ᠳᠠᠭᠤᠳᠠᠯᠭ᠎ᠠ ᠪᠢᠴᠢᠯᠬᠡ ᠶᠢᠨ ᠬᠤᠪᠢᠷᠠᠯ ᠭᠡᠪᠡᠯ ᠥᠷᠯᠦ᠋ᠭᠦᠳ᠂ ᠦᠷᠯᠦ᠋ᠬᠦᠨ᠂ ᠦᠷᠯᠦ᠋ᠭ ᠤᠳ᠂ ᠠᠯᠳᠠᠨ ᠶᠠᠰᠤᠨ ᠥᠷᠯᠦ᠋ᠭᠦᠳ᠂ ᠥᠷᠯᠦ᠋ᠰ᠂ ᠥᠷᠯᠥ᠋ᠳ᠂ ᠥᠷᠯᠦ᠋ᠳ ᠣᠩᠬᠤᠳ᠂ ᠶᠡᠭᠡ ᠥᠷᠯᠦ᠋ᠭᠦᠳ ᠵᠡᠷᠬᠡ᠃ ᠤᠳᠤᠭ ᠤᠨ ᠡᠮᠦᠨᠡᠳᠤ ᠬᠤᠰᠢᠭᠤ ᠪᠠᠷ ᠶᠡᠭᠡ ᠥᠷᠯᠦ᠋ᠭᠦᠳ᠂ ᠬᠠᠨᠭ᠍ᠬᠢᠨ ᠬᠤᠰᠢᠭᠤ᠂ ᠡᠵᠡᠨ ᠬᠤᠷᠤᠭ᠎ᠠ ᠬᠤᠰᠢᠭᠤᠨ ᠤ ᠵᠠᠰᠠᠭ ᠰᠣᠮᠣ᠂ ᠬᠤᠳᠣᠩ ᠤᠨ ᠰᠦᠮ᠎ᠡ ᠰᠣᠮᠣ ᠪᠠᠷ ᠦᠷᠯᠦ᠋ᠭᠦᠳ᠂ ᠠᠯᠳᠠᠨ ᠥᠷᠯᠦ᠋ᠭᠦᠳ᠂ ᠦᠷᠯᠦ᠋ᠰ᠂ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤ ᠪᠠᠷ ᠦᠷᠯᠦ᠋ᠳ᠂ ᠥᠷᠯᠦ᠋ᠭᠦᠳ᠂ ᠮᠤᠩᠭᠤᠯ ᠣᠯᠣᠰ ᠤᠨ ᠳᠦᠪ ᠠᠶᠢᠮᠠᠭ ᠤᠨ ᠮᠦᠩᠭᠦᠨᠮᠤᠷᠢᠲᠤ ᠰᠣᠮᠣ᠂ ᠵᠢᠷᠭᠠᠯᠠᠩᠲᠤ ᠰᠣᠮᠣ ᠪᠠᠷ ᠦᠷᠯᠦ᠋ᠳ᠂ ᠰᠡᠯᠡᠩᠭᠡ ᠠᠶᠢᠮᠠᠭ ᠤᠨ ᠤᠷᠬᠤᠨ᠂ ᠳᠤᠤᠯᠠ ᠰᠣᠮᠣ ᠪᠠᠷ ᠦᠷᠯᠦ᠋ᠳ᠂ ᠭᠤᠪᠢ ᠠᠯᠳᠠᠢ ᠠᠶᠢᠮᠠᠭ ᠤᠨ ᠪᠠᠶᠠᠨ ᠠᠭᠤᠯᠠ ᠰᠣᠮᠣ ᠪᠠᠷ ᠦᠷᠯᠦ᠋ᠭᠦᠳ᠂ ᠬᠦᠪᠰᠦᠭᠦᠯ ᠠᠶᠢᠮᠠᠭ ᠤᠨ ᠵᠢᠷᠭᠠᠯᠠᠩᠲᠤ ᠰᠣᠮᠣ ᠪᠠᠷ ᠦᠷᠯᠦ᠋ᠳ ᠣᠩᠬᠤᠳ᠂ ᠲᠤᠷᠤᠨᠠᠳᠤ ᠠᠶᠢᠮᠠᠭ ᠤᠨ ᠴᠠᠭᠠᠨ ᠤᠪᠤᠭ᠎ᠠ ᠰᠣᠮᠣ ᠪᠠᠷ ᠦᠷᠯᠦ᠋ᠰ ᠤᠪᠤᠭᠲᠠᠨ ᠵᠦᠩᠳᠡᠭᠡᠨ ᠦᠷᠭᠡᠨ ᠲᠠᠷᠬᠠᠵᠤ ᠪᠤᠢ᠃ ᠪᠠᠶᠠᠨ ᠦᠯᠦ᠋ᠬᠡᠢ ᠠᠶᠢᠮᠠᠭ ᠤᠨ ᠲᠡᠯᠢᠬᠦᠨ ᠰᠤᠮᠤ ᠪᠠᠷ ᠦᠷᠯᠦ᠋ᠬᠦᠨ ᠬᠡᠳᠡᠭ᠃          ᠵᠤᠭᠠᠴᠢᠨ ᠨ᠊ · ᠨᠠᠳᠮᠢᠳ ᠪᠤᠯᠤᠨ ᠤᠷᠢᠬᠠᠨ ᠤ ᠨᠠᠶᠢᠷᠠᠭᠤᠯᠤᠭᠰᠠᠨ ︽ᠮᠢᠩᠭᠠᠨ ᠤᠪᠤᠭ︾ ᠤᠨ ᠲᠠᠶᠢᠯᠪᠤᠷᠢ ᠨᠤᠮ ᠳᠤ ᠦᠷᠯᠦ᠋ᠬᠦᠳ ᠢ ᠪᠠᠰᠠ ᠦᠷᠦᠯᠤᠳ᠂ ᠦᠷᠨᠢᠬᠦᠳ᠂ ᠦᠷᠯᠡᠬᠦᠳ᠂ ᠦᠷᠯᠢᠬᠦᠳ᠂ ᠦᠷᠯᠦ᠋ᠬᠡᠳ᠂ ᠦᠷᠯᠦ᠋ᠭ ᠤᠳ᠂ ᠦᠷᠯᠦ᠋ᠳ ᠭᠡᠬᠦ ᠵᠡᠷᠭᠡ ᠪᠠᠷ ᠪᠢᠴᠢᠭᠰᠡᠨ ᠪᠠᠶᠢᠳᠠᠭ᠃ ᠴᠢᠩᠬᠢᠰ ᠬᠠᠭᠠᠨ ᠤ ᠪᠢᠯᠢᠭ ᠰᠤᠷᠭᠠᠯ ᠳᠤ᠄ ︽ᠮᠤᠷᠢᠳ ᠲᠠᠷᠭᠤ ᠬᠦᠴᠦᠳᠡᠢ ᠪᠠᠶᠢᠬᠤ ᠳᠤ ᠲᠦᠷᠭᠡᠨ ᠲᠠᠪᠬᠢᠵᠤ ᠴᠢᠳᠠᠪᠠᠰᠤ᠂ ᠶᠡᠷᠤ ᠶᠢᠨ ᠲᠠᠷᠭᠤ ᠲᠠᠢ ᠪᠤᠶᠤ ᠲᠤᠷᠠᠩᠬᠠᠢ ᠪᠠᠶᠢᠬᠤ ᠳᠤ ᠮᠦᠨ ᠪᠠᠰᠠ ᠲᠦᠷᠬᠡᠨ ᠲᠠᠪᠬᠢᠵᠤ ᠴᠢᠳᠠᠪᠠᠰᠤ ᠲᠠᠷᠤᠢ ᠦᠷᠯᠦ᠋ᠭ ᠰᠠᠶᠢᠨ ᠮᠤᠷᠢ ᠭᠡᠮᠡᠨ ᠲᠤᠭᠠᠴᠠᠭᠳᠠᠮᠤᠢ︾ ᠭᠡᠵᠡᠢ᠃ ᠪᠠᠰᠠ ᠯᠤᠪᠰᠠᠨᠳᠠᠨᠵᠢᠨ ᠤ ︽ᠠᠯᠳᠠᠨ ᠳᠤᠪᠴᠢ︾ ᠳᠤ ᠪᠤᠭᠳᠠ ᠡᠵᠡᠨ ᠤ ᠲᠦᠷᠤ ᠶᠢᠨ ᠲᠦᠰᠢᠶ᠎ᠡ ᠬᠦᠯᠦ᠋ᠭ ᠮᠡᠳᠤ ᠵᠢᠦᠨ ᠦᠷᠯᠦ᠋ᠭ ᠬᠡᠵᠦ ᠪᠠᠶᠢᠳᠠᠭ᠃ ᠲᠡᠬᠦᠨᠴᠢᠯᠡᠨ ᠳ᠋ᠠᠮᠪᠠ ᠶᠢᠨ ︽ᠮᠤᠩᠭᠤᠯ ᠲᠡᠦᠬᠡ︾ ᠶᠢᠨ ᠨᠤᠮ ᠳᠤ ᠤᠮᠠᠷᠠᠳᠤ ᠶᠤᠸᠠᠨ ᠤᠯᠤᠰ ᠤᠨ ᠦᠶ᠎ᠡ ᠳᠤ ᠦᠷᠯᠦ᠋ᠭ ᠭᠡᠬᠦ ᠡᠷᠬᠦᠮᠵᠢᠯᠡᠯ ᠴᠤᠯᠠ ᠶᠢ ᠨᠡᠶᠢᠳᠡᠮ ᠬᠡᠷᠡᠭᠯᠡᠵᠦ ᠪᠠᠶᠢᠪᠠ ᠭᠡᠵᠦ ᠲᠡᠮᠳᠡᠭᠯᠡᠭᠰᠡᠨ ᠪᠠᠶᠢᠳᠠᠭ᠃ ᠦᠷᠯᠦ᠋ᠬᠦᠳ ᠤᠪᠤᠭ ᠨᠢ ᠲᠡᠭᠡᠳᠦᠰ ᠤᠨ ᠢᠶᠠᠨ ᠬᠡᠷᠬᠡᠮ ᠴᠤᠯᠠ ᠶᠢᠨ ᠨᠡᠷᠡᠶᠢᠳᠦᠯ ᠢᠶᠠᠷ ᠤᠪᠤᠭᠰᠢᠭᠰᠠᠨ ᠤᠪᠤᠭ ᠪᠤᠯᠤᠨ᠎ᠠ᠃ ᠦᠷᠯᠦ᠋ᠬᠦᠳ ᠨᠢ ᠦᠷᠯᠦ᠋ᠭ ᠤᠨ ᠣᠯᠠᠨ ᠳᠤᠭ᠎ᠠ ᠶᠢ ᠢᠯᠡᠳᠭᠡᠭᠰᠡᠨ ᠬᠡᠯᠪᠡᠷᠢ ᠪᠤᠯᠤᠨ᠎ᠠ᠃ ᠦᠷᠯᠦ᠋ᠬᠦᠳ ᠤᠪᠤᠭ ᠤᠨ ᠳᠤᠳᠤᠷ᠎ᠠ ᠪᠠᠨ ᠪᠠᠰᠠ ᠠᠯᠳᠠᠨ ᠶᠠᠰᠣᠨ ᠤ ᠦᠷᠯᠦ᠋ᠬᠦᠳ᠂ ᠶᠡᠭᠡ ᠦᠷᠯᠦ᠋ᠬᠦᠳ ᠬᠡᠵᠦ ᠢᠯᠭᠠᠨ ᠤᠪᠤᠭᠯᠠᠳᠠᠭ ᠶᠤᠮ᠃ ᠦᠷᠯᠦ᠋ᠬᠦᠳ ᠢ ᠬᠢᠳᠠᠳ ᠢᠶᠠᠷ ︽额尔鲁特︾ ᠪᠠ ︽乌尔鲁古德︾ ᠬᠡᠵᠦ ᠬᠡᠯᠡᠵᠦ ᠪᠤᠢ᠃ ᠦᠷᠯᠦ᠋ᠬᠦᠳ ᠤᠪᠤᠭᠳᠠᠨ ᠤ ᠳᠤᠳᠤᠷᠠᠬᠢ ᠨᠡᠷᠡᠳᠤ ᠬᠦᠮᠦᠰ ᠭᠡᠪᠡᠯ᠂ ᠦᠷᠯᠦ᠋ᠬᠦᠳ ᠤᠪᠤᠭᠳᠠᠨ ᠷᠢᠨᠴᠢᠨᠳᠤᠷᠵᠢ ᠦᠪᠦᠷ ᠮᠤᠩᠭᠤᠯ ᠤᠨ ᠤᠷᠳᠤᠰ ᠬᠤᠳᠠ ᠶᠢᠨ ᠤᠳᠤᠭ ᠬᠤᠰᠢᠭᠤᠨ ᠤ ᠬᠦᠮᠦᠨ᠂ 1943 ᠣᠨ ᠳᠤ ᠲᠦᠷᠦᠭᠰᠡᠨ᠂ ᠣᠯᠣᠰ ᠤᠨ ᠺᠠᠳ᠋ᠷ ᠪᠠᠶᠢᠭᠰᠠᠨ᠃ ᠦᠷᠯᠦ᠋ᠬᠦᠳ ᠤᠪᠤᠭᠳᠠᠨ ᠳ᠋ᠠᠷᠠᠨ᠎ᠠ ᠶᠢᠨ ᠬᠦᠪᠡᠬᠦᠨ ᠬᠤᠷᠠᠭ᠎ᠠ᠂ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠴᠤᠷᠵᠢ ᠪᠠᠯᠮ᠎ᠠ ᠶᠢᠨ ᠬᠦᠮᠦᠨ᠂ ᠮᠠᠯᠴᠢᠨ ᠭᠠᠷᠤᠯ ᠲᠠᠢ᠃ ᠦᠷᠯᠦ᠋ᠬᠦᠳ ᠤᠪᠤᠭᠳᠠᠨ ᠰᠢᠯᠤᠭᠤᠨ ᠬᠦᠬᠡ ᠬᠤᠰᠢᠭᠤᠨ ᠤ ᠰᠠᠶᠢᠨᠬᠤᠳᠳᠤᠭ ᠰᠣᠮᠣᠨ ᠤ ᠨᠠᠷᠠᠰᠤᠳᠤ ᠭᠠᠴᠠᠭᠠᠨ ᠤ ᠮᠠᠯᠴᠢᠨ ᠢᠷᠠᠭᠤ ᠨᠠᠶᠢᠷᠠᠭᠴᠢ ᠪᠠᠶᠢᠭᠰᠠᠨ᠃         ᠤᠪᠤᠭ ᠪᠤᠯ ᠤᠳᠤᠮ ᠤᠭᠰᠠᠭ᠎ᠠ ᠶᠢᠨ ᠢᠮ ᠲᠡᠮᠳᠡᠭ ᠪᠢᠯᠡ᠃ ᠪᠢᠳᠠ ᠡᠨᠡ ᠬᠦ ᠤᠳᠤᠮ ᠰᠤᠳᠤᠷ ᠤᠨ ᠢᠮ ᠲᠡᠮᠳᠡᠭ ᠪᠤᠯᠤᠭᠰᠠᠨ ᠮᠤᠩᠭᠤᠯ ᠤᠪᠤᠭ ᠢᠶᠠᠨ ᠪᠠᠯᠠᠷᠠᠭᠤᠯᠵᠤ ᠪᠤᠯᠬᠤ ᠦᠬᠡᠢ᠂ ᠬᠠᠶᠠᠭᠳᠠᠭᠤᠯᠵᠤ ᠪᠤᠯᠬᠤ ᠦᠬᠡᠢ ᠨᠢ ᠬᠡᠯᠡᠯᠬᠡᠨ ᠦᠬᠡᠢ᠃ ᠮᠠᠨ ᠤ ᠮᠤᠩᠭᠤᠯᠴᠤᠳ ᠤᠭᠰᠠᠭ᠎ᠠ ᠭᠠᠷᠤᠯ ᠢᠶᠠᠨ ᠦᠯᠦ ᠤᠮᠠᠷᠳᠠᠨ᠂ ᠤᠪᠤᠭ ᠲᠦᠷᠦᠯ ᠢᠶᠠᠨ ᠰᠠᠨᠠᠵᠤ ᠶᠠᠪᠤᠬᠤ ᠶᠢᠨ ᠴᠢᠬᠤᠯᠠ ᠴᠢᠨᠠᠷ ᠢ ᠤᠬᠠᠭᠠᠷᠠᠨ ᠤᠶᠢᠯᠠᠭᠠᠵᠤ᠂ ᠮᠤᠩᠭᠤᠯ ᠤᠪᠤᠭ ᠤᠨ ᠬᠡᠷᠡᠭᠯᠡᠯᠳᠡ ᠪᠠ ᠰᠤᠳᠤᠯᠭᠠᠨ ᠳᠤ ᠦᠴᠦᠬᠡᠨ ᠲᠡᠳᠦᠢ ᠬᠤᠪᠢ ᠨᠡᠮᠡᠷᠢ ᠦᠵᠡᠬᠦᠯᠬᠦ ᠪᠠᠷ ᠴᠢᠷᠮᠠᠶᠢᠬᠤ ᠶᠢ ᠡ᠊ᠨᠳᠡ ᠰᠠᠨᠠᠭᠤᠯᠤᠨᠠᠮ︕
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ