ᠬᠠᠪᠤᠷ ᠤᠨ ᠤᠷᠢ ᠬᠤᠯᠠ ᠱᠤᠤᠬᠢᠨ᠎ᠠ
ᠨᠡᠶᠢᠲᠡᠯᠡᠭᠰᠡᠨ ᠴᠠᠭ᠄
2023/3/31
      ᠬᠠᠪᠤᠷ ᠤᠨ ᠤᠷᠢ ᠬᠤᠯᠠ ᠱᠤᠤᠬᠢᠨ᠎ᠠ      ᠬᠤᠯᠠ ᠶᠢᠨ ᠬᠤᠯᠠ ᠠᠴᠠ ᠢᠷᠡᠯ᠎ᠠ ᠬᠡᠮᠡᠨ ᠰᠢᠪᠡᠨᠡᠨ᠎ᠠ       ᠬᠠᠶᠢᠯ ᠤᠨ ᠤᠰᠦ ᠭᠤᠷᠤᠬ᠎ᠠ ᠪᠤᠯᠤᠨ ᠬᠤᠷᠴᠢᠬᠢᠨᠡᠵᠦ      ᠬᠠᠮᠬᠤᠤᠯ ᠰᠢᠷᠠᠯᠵᠢ ᠤᠡᠭᠭᠠᠷᠢᠯ ᠪᠤᠯᠤᠨ ᠬᠡᠶᠢᠰᠦᠨ᠎ᠠ      ᠬᠠᠷᠢᠨ ᠰᠡᠳᠬᠢᠬᠦᠢ ᠳᠤ ᠲᠤᠮᠳᠠᠭᠤᠷ ᠰᠠᠨᠠᠭ᠎ᠠ ᠬᠦᠬᠡᠰᠦᠯᠡᠨᠡᠮ      ᠬᠠᠪᠤᠷ ᠤᠨ ᠤᠷᠢ ᠬᠤᠯᠠ ᠱᠤᠤᠬᠢᠨ᠎ᠠ      ᠠᠳᠡ ᠮᠢᠨᠦ ᠬᠠᠵᠠᠭᠤ ᠳᠤ ᠪᠤᠰᠦ      ᠲᠡᠨᠳᠡ ᠲᠠᠨ ᠤ ᠲᠡᠷᠬᠡᠳᠡ      ᠢᠷᠠᠶᠢᠵᠦ ᠢᠷᠡᠭᠰᠡᠨ ᠬᠡᠶᠢᠴᠢᠨ ᠪᠤᠰᠦ      ᠤᠬᠢᠯᠠᠵᠦ ᠰᠠᠭᠠᠳᠠᠭᠰᠠᠨ ᠵᠤᠴᠢᠨ ᠶᠤᠮ ᠰᠢᠦ      ᠬᠠᠪᠤᠷ ᠤᠨ ᠤᠷᠢ ᠬᠤᠯᠠ ᠱᠤᠤᠬᠢᠨ᠎ᠠ       ᠬᠠᠶᠢᠷ᠎ᠠ ᠪᠠᠷ ᠢᠪᠢᠯᠦᠭᠰᠡᠨ ᠤᠶᠠᠬᠠᠨ ᠲᠤᠯᠭᠠᠨ ᠮᠡᠯᠮᠡᠢ      ᠬᠠᠴᠠᠷ ᠢ ᠦᠨᠦᠰᠦᠨ ᠠᠷᠢᠭᠤᠬᠠᠨ ᠰᠠᠭᠠᠳᠠᠬᠤ ᠳᠤ      ᠬᠤᠷᠮᠤᠢ ᠶᠢᠨ ᠦᠵᠦᠬᠦᠷ ᠲᠤ ᠬᠤᠷ᠎ᠠ ᠶᠢᠨ ᠲᠤᠰᠤᠯ ᠮᠡᠯᠳᠡᠬᠡᠨᠡᠵᠦ        ᠬᠠᠰᠢᠶᠠᠨ ᠳᠤ ᠲᠦᠯ ᠤᠨ ᠲᠠᠭᠤᠨ ᠮᠠᠶᠢᠯᠠᠯᠳᠤᠨᠠᠮ       ᠬᠠᠪᠤᠷ ᠤᠨ ᠤᠷᠢ ᠬᠤᠯᠠ ᠱᠤᠤᠬᠢᠨ᠎ᠠ         ᠬᠠᠨ ᠬᠤᠷᠮᠤᠰᠳᠡ ᠶᠢᠨ ᠭᠠᠵᠠᠷ ᠠᠴᠠ ᠬᠠᠨᠭ᠍ᠬᠢᠰ ᠬᠡᠵᠦ        ᠬᠠᠳᠤᠨ ᠭᠤᠤᠯ ᠳᠤ ᠰᠦᠡᠭ ᠬᠠᠯᠬᠢᠶ᠎ᠠ ᠲᠦᠷᠢᠨ᠎ᠠ      ᠬᠠᠷᠢ ᠳᠤ ᠡᠪᠦᠯᠵᠢᠭᠰᠡᠨ ᠨᠡᠬᠦᠳᠡᠯ ᠤᠨ ᠰᠢᠪᠠᠭᠤᠳ       ᠬᠡᠯᠬᠢᠶᠡᠷᠡᠯᠳᠦᠨ ᠵᠡᠯᠡᠯᠡᠭᠰᠡᠬᠡᠷ ᠨᠠᠭᠠᠰᠢᠯᠠᠵᠦ ᠬᠠᠷᠠᠭᠳᠠᠨᠠᠮ      ᠬᠠᠪᠤᠷ ᠤᠨ ᠤᠷᠢ ᠲᠡᠷᠡ ᠬᠤᠯᠠ ᠠᠴᠠ ᠨᠠᠭᠠᠰᠢᠯᠠᠨ᠎ᠠ        ᠬᠠᠳᠠᠨ ᠤ ᠢᠷᠤᠭᠠᠷ ᠠᠴᠠ ᠪᠤᠴᠠᠯᠤᠭᠰᠠᠨ ᠪᠤᠯᠠᠭ ᠤᠳ        ᠬᠠᠨᠭ᠍ᠭᠠᠢ ᠭᠤᠪᠢ ᠪᠠᠷ ᠭᠤᠷᠤᠬ᠎ᠠ ᠪᠤᠯᠤᠨ ᠤᠷᠤᠰᠤᠨ᠎ᠠ        ᠬᠠᠭ ᠤᠨ ᠲᠤᠤᠷ᠎ᠠ ᠠᠴᠠ ᠠᠮᠢᠯᠠᠬᠰᠠᠨ ᠨᠢᠯᠬ᠎ᠠ ᠨᠤᠭᠤᠭ᠎ᠠ ᠨᠤᠭᠤᠳ       ᠬᠦᠷᠦᠰᠦᠳᠦ ᠭᠠᠵᠠᠷ ᠢ ᠴᠤᠭᠤᠴᠢᠵᠦ ᠤᠷᠭᠤᠨᠠᠮ       ᠬᠠᠪᠤᠷ ᠤᠨ ᠤᠷᠢ ᠡᠬᠡ ᠲᠡᠯᠡᠬᠡᠢ ᠶᠢ ᠪᠦᠪᠠᠶᠢᠯᠡᠨ᠎ᠠ        ᠬᠤᠨᠭ᠍ᠭᠤᠷ ᠬᠤᠶᠠᠷ ᠤᠨ ᠰᠢᠪᠡᠨᠡᠭᠡ ᠤᠶᠠᠩᠭ᠎ᠠ ᠪᠤᠯᠤᠨ ᠲᠠᠭᠤᠷᠢᠰᠦᠨ᠎ᠠ      ᠬᠠᠮᠤᠭ ᠲᠦᠮᠡᠨ ᠪᠤᠳᠠᠰ ᠨᠡᠬᠡᠢ ᠲᠡᠪᠡᠯ ᠢᠶᠠᠨ ᠲᠡᠶᠢᠴᠢᠵᠦ      ᠬᠠᠨᠠᠭᠠᠷ ᠡᠬᠡ ᠤᠷᠤᠨ ᠮᠢᠨᠢ ᠦᠪᠴᠢ ᠨᠤᠭᠤᠭᠠᠨ ᠢᠶᠠᠷ ᠴᠢᠮᠡᠭᠯᠡᠨ᠎ᠠ       ᠬᠠᠯᠠᠮᠵᠢᠳᠦ ᠰᠢᠨ᠎ᠠ ᠡᠷᠢᠨ ᠢᠡᠭᠬᠢᠵᠦ ᠯᠠ ᠡᠬᠢᠯᠡᠨᠡᠮ
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ