ᠡᠨᠡᠷᠢᠯ ᠤᠨ ᠲᠡᠭᠷᠢ ᠡᠵᠢ ᠬᠦᠮᠦᠨ | ᠡᠨᠡᠬᠡᠨ ᠬᠤᠷᠸ᠎ᠠ ᠳᠤ ᠲᠤᠬᠢᠶᠠᠬᠤ ᠭᠠᠭᠴᠠ ᠪᠤᠷᠬᠠᠨ | ᠡᠷᠳᠡᠨᠢᠳᠦ ᠴᠤᠭᠴᠠᠰ ᠤᠨ ᠮᠢᠨᠢ ᠠᠮᠢ ᠶᠢ ᠰᠤᠶᠤᠷᠬᠠᠭᠴᠢ | ᠡᠰᠡᠨᠢᠯ ᠬᠦᠭᠵᠢᠯ ᠤᠨ ᠮᠢᠨᠢ ᠵᠠᠮ ᠢ ᠵᠢᠭᠠᠭᠴᠢ | ᠡᠬᠦᠷᠢᠳᠡ ᠲᠤᠷᠠᠰᠬᠤ ᠶᠢᠨ ᠮᠦᠡᠭᠬᠡ ᠶᠢᠨ ᠵᠤᠯᠠ | ᠲᠤᠩᠭᠤᠷᠴᠤᠭᠯᠠᠨ ᠤᠨᠠᠭᠠᠳ ᠮᠦᠯᠬᠦᠵᠦ ᠪᠠᠶᠢᠬᠤ ᠳᠤ | ᠲᠤᠬᠤᠢ ᠠᠴᠠ ᠮᠢᠨᠢ ᠡᠷᠬᠦᠬᠡᠳ ᠲᠤᠳᠤᠮᠳᠤᠵᠦ ᠯᠠ ᠪᠠᠶᠢᠬᠰᠠᠨ | ᠲᠤᠮᠤᠭ᠎ᠠ ᠦᠬᠡᠢ ᠵᠦᠷᠢᠬᠦᠳᠯᠡᠨ ᠠᠭᠠᠰᠢᠯᠠᠬᠤ ᠳᠤ | ᠲᠠᠭᠤᠨ ᠦᠬᠡᠢ ᠲᠡᠪᠡᠷᠢᠬᠡᠳ ᠡᠩᠬᠦᠷᠡᠶᠢᠯᠡᠵᠦ ᠯᠠ ᠪᠠᠶᠢᠭᠰᠠᠨ | ᠲᠦᠬᠡᠮᠡᠯ ᠬᠠᠶᠢᠷ᠎ᠠ ᠶᠢᠨ ᠠᠭᠤᠦ ᠪᠦᠷᠢᠯᠸ᠎ᠠ | ᠲᠤᠭᠤᠯ ᠢᠶᠠᠨ ᠬᠠᠷᠢᠭᠤᠯᠤᠭᠠᠳ ᠲᠤᠭᠯᠠᠵᠦ ᠶᠠᠪᠤᠬᠤ ᠳᠤ | ᠲᠤᠭᠤᠨᠤᠯᠵᠢᠨ ᠬᠠᠷᠠᠭᠳᠠᠳᠠᠭ ᠡᠵᠢ ᠶᠢᠨ ᠮᠢᠨᠢ ᠮᠦᠷ ᠡ | ᠲᠤᠭᠤᠰᠤᠳᠦ ᠶᠢᠷᠳᠢᠨᠴᠤ ᠳᠤ ᠲᠤᠮᠤᠭᠠᠵᠢᠨ ᠠᠯᠬᠤᠬᠤ ᠳᠤ | ᠲᠤᠳᠤᠷᠠᠨ ᠰᠠᠨᠠᠭᠳᠠᠭᠳᠠᠭ ᠡᠵᠢ ᠶᠢᠨ ᠮᠢᠨᠢ ᠮᠦᠷ ᠡ | ᠲᠤᠭᠳᠠᠨᠢᠬᠰᠠᠨ ᠮᠤᠩᠭᠤᠯ ᠤᠨ ᠮᠢᠨᠢ ᠬᠡᠷᠡᠯᠳᠦ ᠴᠠᠮᠬᠠᠭ | ᠡᠯᠢᠬᠡᠰᠡᠭ ᠲᠤᠳᠤᠨᠦ ᠵᠠᠩ ᠠᠷᠠᠨᠰᠢᠨ ᠲᠠᠢ | ᠢᠳᠡᠷᠬᠡᠭ ᠴᠤᠪᠤᠭᠤ ᠠᠵᠢᠯᠴᠢ ᠰᠤᠷᠳᠠᠯ ᠲᠠᠢ | ᠢᠷᠡᠬᠡᠳᠦᠢ ᠶᠢᠨ ᠦᠢᠯᠡᠰ ᠲᠡᠭᠡᠨ ᠢᠳᠡᠬᠡᠯ ᠪᠢᠯᠬᠠᠮ᠎ᠠ | ᠡᠬᠡᠯ ᠵᠢᠷ ᠤᠨ ᠮᠠᠯᠴᠢᠨ ᠪᠦᠰᠡᠬᠦᠢ | ᠡᠬᠡ ᠲᠡᠯᠡᠬᠡᠢ ᠶᠢᠨ ᠴᠢᠨᠳᠠᠮᠤᠨᠢ ᠶᠤᠮ ᠰᠠᠨ᠃ | ᠠᠯᠤᠰ ᠤᠨ ᠭᠠᠵᠠᠷ ᠠᠴᠠ ᠨᠤᠲᠤᠭ ᠲᠠᠭᠠᠨ ᠪᠤᠴᠠᠬᠤ ᠳᠤ | ᠠᠯᠬᠤᠭᠰᠠᠨ ᠮᠦᠷ ᠨᠢ ᠰᠦᠬᠦᠮ ᠵᠦᠷᠢᠬᠦ ᠦᠬᠡᠢ ᠪᠤᠯᠵᠡᠢ | ᠠᠷᠤᠭ ᠡᠬᠦᠷᠳᠡᠭ ᠨᠢᠷᠤᠭᠤ ᠨᠢ ᠪᠦᠭᠳᠡᠶᠢᠵᠦ ᠬᠠᠳᠦ᠋ᠢᠭᠠᠳ | ᠠᠮᠢᠰᠬᠤᠭ᠎ᠠ ᠠᠪᠬᠤ ᠳᠠᠭᠠᠨ ᠴᠤ ᠬᠦᠴᠢᠷ ᠲᠠᠢ ᠪᠤᠯᠵᠡᠢ | ᠠᠯᠠᠭ ᠵᠢᠷᠦᠬᠡᠨ ᠳᠤ ᠮᠢᠨᠢ ᠠᠶᠢᠳᠠᠰᠦ ᠪᠠᠭᠤᠯ᠎ᠠ᠃ | ᠡᠷᠡᠬᠦᠯ ᠪᠡᠶ᠎ᠠ ᠨᠢ ᠡᠮᠬᠡᠭ ᠲᠠᠢ ᠪᠤᠯᠴᠢᠬᠠᠵᠡᠢ | ᠡᠪᠡᠳᠴᠢᠨ ᠲᠠᠬᠤᠯ ᠬᠡᠨᠡᠭᠡ ᠲᠠᠢ ᠪᠤᠯᠴᠢᠬᠠᠵᠡᠢ | ᠡᠶᠢᠮᠦ ᠠᠳᠠᠯ᠎ᠠ ᠪᠠᠨ ᠮᠠᠯ ᠤᠨ ᠢᠶᠠᠨ ᠬᠤᠶᠢᠨ᠎ᠠ ᠠᠴᠠ | ᠡᠳᠦᠷᠵᠢᠨ ᠰᠠᠯᠤᠯ ᠦᠬᠡᠢ ᠴᠦᠮᠴᠡᠬᠡᠨᠡᠵᠦ ᠯᠠ ᠪᠠᠶᠢᠯ᠎ᠠ | ᠡᠨᠡᠷᠢᠩᠬᠦᠢ ᠰᠡᠳᠬᠢᠯ ᠤᠨ ᠲᠤᠯᠠᠭᠠᠬᠠᠨ ᠦᠯᠦᠬᠡᠢ᠃ | ᠬᠡᠨᠡᠬᠡᠷᠬᠡᠵᠦ ᠬᠡᠪᠳᠡᠭᠰᠡᠨ ᠡᠵᠢ ᠲᠠᠨ ᠳᠠᠭᠠᠨ | ᠬᠠᠭᠤᠷᠠᠭᠰᠠᠨ ᠪᠤᠳᠠᠭᠠᠨ ᠤ ᠱᠦᠯᠦ ᠴᠤ ᠬᠢᠵᠦ ᠵᠠᠪᠳᠤᠭᠰᠠᠨ ᠦᠬᠡᠢ | ᠬᠡᠳᠦᠷᠮᠡᠬᠡᠶᠢᠯᠡᠵᠦ ᠶᠠᠪᠤᠭᠰᠠᠨ ᠬᠦᠦ ᠶᠢᠨ ᠴᠢᠨᠢ | ᠬᠡᠨᠡᠨ ᠪᠤᠳᠤᠯ ᠤᠨ ᠬᠢᠨᠢ ᠤᠰᠤᠯ ᠶᠤᠮ ᠳᠠ | ᠬᠢᠴᠢᠶᠡᠵᠦ ᠲᠤᠩᠭᠠᠬᠤ ᠰᠤᠷᠭᠠᠮᠵᠢ ᠪᠠᠶᠢᠨ᠎ᠠ ᠳ᠋ᠠ᠃ | ᠡᠵᠢ ᠶᠢᠨ ᠮᠢᠨᠢ ᠮᠦᠷ — | ᠤᠰᠤᠨ ᠳᠤ ᠲᠤᠳᠤᠷᠠᠭᠰᠠᠨ ᠲᠠᠮᠠᠭ᠎ᠠ ᠪᠠᠶᠢᠯ᠎ᠠ | ᠡᠵᠢ ᠶᠢᠨ ᠮᠢᠨᠢ ᠮᠦᠷ — | ᠡᠬᠦᠯᠡᠨ ᠳᠤ ᠵᠢᠷᠤᠭᠰᠠᠨ ᠤᠭᠠᠯᠵᠠ ᠪᠠᠶᠢᠯ᠎ᠠ | ᠡᠵᠢ ᠶᠢᠨ ᠮᠢᠨᠢ ᠮᠦᠷ — | ᠦᠨᠡᠬᠡᠨ ᠬᠠᠷᠠᠩᠭᠤᠢ ᠳᠠᠬᠢ ᠵᠠᠮᠴᠢ ᠪᠠᠶᠢᠯ᠎ᠠ | ᠡᠵᠢ ᠶᠢᠨ ᠮᠢᠨᠢ ᠮᠦᠷ — | ᠦᠷᠡᠰ ᠬᠤᠶᠢᠴᠢᠰ ᠤᠨ ᠲᠠᠭᠤᠦ ᠪᠠᠶᠢᠯ᠎ᠠ | ᠠᠯᠠᠭ ᠲᠠᠢ ᠴᠤᠬᠤᠷ ᠲᠠᠢ ᠠᠮᠢᠳᠤᠷᠠᠯ ᠤᠨ ᠵᠠᠮ ᠳᠤ | ᠠᠯᠢᠶᠠᠯᠠᠵᠦ ᠶᠠᠪᠤᠭᠰᠠᠨ ᠦᠷ᠎ᠠ ᠪᠢᠳᠡᠨ ᠳᠡᠭᠡᠨ | ᠦᠯᠡᠳᠡᠬᠡᠵᠦ ᠦᠭᠬᠦᠭᠰᠡᠨ ᠮᠦᠡᠭᠬᠡ ᠶᠢᠨ ᠮᠦᠷ ᠲᠠᠨᠢ | ᠠᠮᠢᠨ ᠠᠴᠠ ᠵᠠᠯᠭᠠᠭᠰᠠᠨ ᠡᠷᠳᠡᠨᠢ ᠶᠤᠮ ᠰᠢᠦ︕ | ᠠᠯᠳᠠᠨ ᠠᠴᠠ ᠦᠨ᠎ᠠ ᠲᠠᠢ ᠰᠤᠷᠭᠠᠯ ᠶᠤᠮ ᠰᠢᠦ︕ | | | | | | | | |