ᠬᠡᠦᠬᠡᠳ ᠤᠨ ᠨᠡᠷ᠎ᠡ ᠨᠢᠳᠡᠷ ᠢ ᠨᠢ ᠬᠠᠮᠠᠭᠠᠯᠠᠬᠤ ᠲᠤᠬᠠᠢ ᠲᠦᠬᠦᠮ ᠦᠬᠦᠯᠡᠬᠦ ᠨᠢ
ᠨᠡᠶᠢᠲᠡᠯᠡᠭᠰᠡᠨ ᠴᠠᠭ᠄
2023/3/15
       ᠡ᠊ᠨᠳᠡ ᠶᠠᠷᠢᠵᠤ ᠪᠠᠶᠢᠭ᠎ᠠ ᠨᠡᠷ᠎ᠡ ᠨᠢᠳᠡᠷ ᠢ ᠨᠢ ᠬᠠᠮᠠᠭᠠᠯᠠᠬᠤ ᠠᠷᠭ᠎ᠠ ᠭᠡᠭᠴᠢ ᠨᠢ ᠬᠡᠦᠬᠡᠳ ᠬᠢᠴᠢᠶᠡᠮᠵᠢ ᠪᠣᠯᠭᠤᠮᠵᠢ ᠦᠭᠡᠢ᠂ ᠨᠠᠰᠤ ᠪᠠᠭ᠎ᠠ ᠴᠢᠰᠤ ᠰᠢᠩᠭᠡᠨ ᠪᠠᠶᠢᠵᠤ᠂ ᠭᠦᠨ ᠤᠬᠠᠵᠤ ᠨᠠᠷᠢᠨ ᠪᠣᠳᠣᠯᠬᠢᠯᠠᠭᠰᠠᠨ ᠦᠭᠡᠢ ᠠᠴᠠ ᠪᠣᠯᠵᠤ ᠠᠯᠳᠠᠭ᠎ᠠ ᠳᠤᠲᠠᠭᠳᠠᠯ ᠪᠤᠶᠤ ᠠᠯᠳᠠᠰᠢ ᠭᠠᠷᠭᠠᠭᠰᠠᠨ ᠢ ᠨᠢ ᠪᠤᠰᠤᠳ ᠲᠤ ᠮᠡᠳᠡᠭᠳᠡᠬᠦ ᠦᠭᠡᠢ ᠪᠤᠶᠤ ᠪᠤᠰᠤᠳ ᠠᠴᠠ ᠳᠠᠯᠳᠠᠯᠠᠨ ᠬᠠᠮᠠᠭᠠᠯᠠᠵᠤ ᠰᠢᠢᠳᠪᠦᠷᠢᠯᠡᠬᠦ ᠶᠢ ᠬᠡᠯᠡᠨ᠎ᠡ᠃ ᠡᠨᠡ ᠦᠶᠡᠰ ᠪᠠᠭᠰᠢ ᠪᠠ ᠭᠡᠷ ᠤᠨ ᠠᠬᠠᠮᠠᠳ ᠠᠴᠠ ᠶᠠᠭᠤᠨ ᠤ ᠤᠷᠢᠳ ᠲᠡᠲᠡᠨᠦᠰ ᠤᠨ ᠨᠡᠷ᠎ᠡ ᠨᠢᠭᠤᠷ ᠢ ᠨᠢ ᠬᠠᠮᠠᠭᠠᠯᠠᠨ ᠥᠭᠴᠦ᠂ ᠲᠠᠷᠠᠭ᠎ᠠ ᠨᠢ ᠪᠠᠷᠢᠨ ᠳᠣᠣᠷ᠎ᠠ ᠨᠢ ᠬᠠᠪᠰᠤᠷᠤᠨ ᠵᠢᠯᠤᠭᠤᠳᠴᠤ᠂ ᠠᠯᠳᠠᠭ᠎ᠠ ᠳᠤᠲᠠᠭᠳᠠᠯ ᠢ ᠨᠢ ᠬᠠᠯᠠᠨ ᠰᠠᠶᠢᠵᠢᠷᠠᠭᠤᠯᠵᠤ᠂ ᠡᠪᠡᠳᠴᠢᠨ ᠢ ᠨᠢ ᠵᠠᠰᠠᠵᠤ ᠡᠳᠡᠭᠡᠷᠡᠭᠦᠯᠬᠦ ᠴᠢᠬᠤᠯᠠᠲᠠᠢ᠃ ᠡᠶᠢᠮᠦᠷᠬᠦᠦ ᠠᠷᠭ᠎ᠠ ᠶᠢ ᠨᠡᠷ᠎ᠡ ᠨᠢᠳᠡᠷ ᠢ ᠨᠢ ᠬᠠᠮᠠᠭᠠᠯᠠᠬᠤ ᠰᠤᠷᠭᠠᠨ ᠬᠥᠮᠥᠵᠢᠭᠦᠯᠬᠦ ᠠᠷᠭ᠎ᠠ ᠬᠡᠳᠡᠭ᠃        ᠪᠠᠭᠰᠢ ᠶᠡᠬᠡᠮᠡᠳ ᠠᠴᠠ ᠰᠤᠷᠤᠭᠴᠢ ᠶᠢᠨ ᠨᠡᠷ᠎ᠡ ᠨᠢᠳᠡᠷ ᠢ ᠨᠢ ᠬᠠᠮᠠᠭᠠᠯᠠᠵᠤ ᠦᠭᠬᠦ ᠳᠡᠭᠡᠨ ᠨᠥᠬᠦᠴᠡᠯ ᠲᠠᠢ᠂ ᠭᠠᠷ ᠲᠦᠷᠢᠬᠦ ᠡᠷᠬᠡ ᠲᠠᠢ ᠮᠥᠷᠲᠡᠭᠡᠨ ᠵᠠᠶᠢᠯᠠᠰᠢ ᠦᠭᠡᠢ ᠡᠭᠦᠷᠭᠡ ᠬᠡᠳᠡᠭ ᠢᠶᠠᠨ ᠮᠡᠳᠡᠷᠡᠬᠦ ᠬᠡᠷᠡᠭᠲᠡᠢ᠃ ᠰᠤᠷᠤᠭᠴᠢᠳ ᠠᠩᠬ᠎ᠠ ᠠᠯᠳᠠᠭ᠎ᠠ ᠭᠠᠷᠭᠠᠬᠤ ᠦᠶᠡᠰ ᠬᠡᠯᠡᠯᠭᠡᠨ ᠦᠭᠡᠢ ᠡᠯᠳᠡᠪ ᠵᠦᠢᠯ ᠤᠨ ᠰᠡᠳᠬᠢᠴᠡ ᠶᠢᠨ ᠢᠯᠡᠷᠡᠯ ᠭᠠᠷᠤᠨ᠎ᠠ᠂ ᠳᠠᠷᠤᠢ ᠨᠢᠭᠡ ᠳᠤ ᠠᠶᠤᠵᠤ ᠰᠠᠨᠳᠤᠷᠴᠤ ᠪᠠᠴᠢᠮᠳᠠᠬᠤ᠂ ᠬᠤᠶᠠᠷ ᠲᠤ ᠢᠴᠢᠵᠦ ᠵᠣᠪᠠᠵᠤ ᠭᠡᠯᠮᠡᠭᠳᠡᠬᠦ᠂ ᠭᠤᠷᠪᠠ ᠳᠤ ᠰᠢᠢᠳᠪᠦᠷᠢᠯᠡᠬᠦ ᠠᠷᠭ᠎ᠠ ᠪᠠᠨ ᠣᠯᠵᠤ ᠶᠠᠳᠠᠬᠤ ᠵᠡᠷᠭᠡ ᠪᠠᠶᠢᠳᠠᠯ ᠢᠯᠡᠷᠡᠳᠡᠭ᠃ ᠡᠳᠡᠬᠡᠷ ᠪᠣᠯ ᠰᠠᠶᠢᠨ ᠦᠵᠡᠭᠳᠡᠯ ᠮᠥᠨ᠃         ᠶᠢᠷᠲᠢᠨᠴᠦ ᠳᠤ ᠠᠯᠳᠠᠭ᠎ᠠ ᠭᠠᠷᠭᠠᠬᠤ ᠦᠭᠡᠢ ᠬᠥᠮᠥᠨ ᠭᠡᠵᠦ ᠦᠭᠡᠢ᠂ ᠭᠡᠪᠡᠴᠦ ᠠᠯᠳᠠᠭ᠎ᠠ ᠪᠠᠨ ᠬᠠᠯᠠᠵᠤ ᠴᠢᠳᠠᠪᠠᠯ ᠳᠠᠷᠤᠢ ᠰᠠᠶᠢᠨ ᠬᠥᠮᠥᠨ ᠭᠡᠵᠦ ᠮᠠᠤ ᠽᠧ ᠳ᠋ᠦᠩ ᠬᠡᠯᠡᠭᠰᠡᠨ ᠶᠤᠮ᠃ ᠮᠡᠳᠡᠭᠡᠵᠢ ᠪᠠᠷ ᠰᠢᠪᠠᠷ ᠪᠤᠷᠬᠠᠨ᠂ ᠦᠬᠦᠭᠰᠡᠨ ᠬᠥᠮᠥᠨ᠂ ᠠᠵᠢᠯ ᠬᠢᠳᠡᠭ ᠦᠭᠡᠢ ᠭᠤᠷᠪᠠᠨ ᠵᠦᠢᠯ ᠤᠨ ᠬᠥᠮᠥᠨ ᠠᠯᠳᠠᠭ᠎ᠠ ᠭᠠᠷᠭᠠᠬᠤ ᠦᠭᠡᠢ ᠬᠡᠳᠡᠭ᠃ ᠭᠡᠪᠡᠴᠦ ᠬᠥᠮᠥᠨ ᠭᠡᠵᠦ ᠪᠠᠶᠢᠭᠠᠳ ᠠᠵᠢᠯ ᠬᠢᠬᠦ ᠦᠭᠡᠢ ᠪᠠᠶᠢᠭ᠎ᠠ ᠨᠢ ᠳᠠᠷᠤᠢ ᠲᠡᠭᠦᠨ ᠤ ᠬᠠᠮᠤᠭ ᠶᠡᠭᠡ ᠠᠯᠳᠠᠭ᠎ᠠ ᠪᠣᠯᠣᠨ᠎ᠠ᠃ ᠬᠡᠦᠬᠡᠳ ᠠᠯᠳᠠᠭ᠎ᠠ ᠭᠠᠷᠭᠠᠬᠤ ᠦᠶᠡᠰ ᠪᠠᠭᠰᠢ ᠪᠠ ᠭᠡᠷ ᠤᠨ ᠠᠬᠠᠮᠠᠳ ᠤᠷᠢᠳ ᠢᠶᠠᠷ ᠲᠡᠭᠦᠨ ᠢ ᠬᠠᠪᠰᠤᠷᠴᠤ᠂ ᠨᠡᠷ᠎ᠡ ᠨᠢᠭᠤᠷ ᠢ ᠨᠢ ᠬᠠᠮᠠᠭᠠᠯᠠᠨ ᠥᠭᠴᠦ᠂ ᠲᠠᠷᠠᠭ᠎ᠠ ᠨᠢ ᠪᠣᠳᠠᠲᠠᠢ ᠵᠢᠯᠣᠭᠤᠳᠤᠨ᠂ ᠰᠠᠶᠢᠲᠤᠷ ᠬᠥᠮᠥᠵᠢᠭᠦᠯᠬᠦ ᠬᠡᠷᠡᠭᠲᠡᠢ᠃ ᠠᠷᠭ᠎ᠠ ᠮᠡᠭᠡ ᠨᠢ ᠠᠯᠳᠠᠭ᠎ᠠ ᠭᠠᠷᠭᠠᠭᠰᠠᠨ ᠬᠡᠦᠬᠡᠳ ᠤᠨ ᠨᠡᠷ᠎ᠡ ᠨᠢᠭᠤᠷ ᠢ ᠨᠢ ᠬᠠᠮᠠᠭᠠᠯᠠᠵᠤ᠂ ᠲᠡᠭᠦᠨ ᠤ ᠰᠡᠳᠬᠢᠯ ᠢ ᠣᠯᠬᠤ ᠳᠤ ᠪᠤᠢ᠃ ᠵᠣᠷᠢᠯᠭ᠎ᠠ ᠨᠢ ᠰᠤᠷᠭᠠᠨ ᠬᠥᠮᠥᠵᠢᠭᠦᠯᠬᠦ ᠳᠤ ᠪᠤᠢ᠃ ᠥᠮᠥᠭᠯᠡᠵᠦ ᠬᠠᠮᠠᠭᠠᠯᠠᠵᠤ ᠪᠠᠶᠢᠬᠤ ᠨᠢ ᠵᠣᠷᠢᠯᠭ᠎ᠠ ᠪᠢᠰᠢ ᠬᠠᠷᠢᠨ ᠠᠷᠭ᠎ᠠ ᠮᠥᠨ᠃             ᠬᠡᠷᠪᠡ ᠴᠠᠭ ᠲᠤᠬᠢᠶᠠᠯ ᠢ ᠡᠵᠡᠮᠳᠡᠵᠦ᠂ ᠬᠡᠦᠬᠡᠳ ᠠᠯᠳᠠᠭ᠎ᠠ ᠭᠠᠷᠭᠠᠭᠠᠳ ᠶᠠᠭᠠᠬᠢᠵᠤ ᠰᠢᠢᠳᠪᠦᠷᠢᠯᠡᠬᠦ ᠠᠷᠭ᠎ᠠ ᠪᠠᠨ ᠣᠯᠬᠤ ᠦᠭᠡᠢ ᠪᠠᠶᠢᠬᠤ ᠦᠶ᠎ᠡ ᠳᠤᠨᠢ ᠠᠮᠵᠢᠨ ᠭᠠᠷ ᠲᠦᠷᠦᠵᠦ ᠰᠢᠢᠳᠪᠦᠷᠢᠯᠡᠵᠦ ᠴᠢᠳᠠᠬᠤ ᠦᠭᠡᠢ ᠪᠣᠯ ᠣᠯᠠᠰᠢᠷᠠᠭᠰᠠᠨ ᠬᠤᠶᠢᠨ᠎ᠠ ᠰᠢᠢᠳᠪᠦᠷᠢᠯᠡᠨ᠎ᠡ ᠭᠡᠭᠴᠢ ᠲᠡᠭᠷᠢ ᠳᠤ ᠭᠠᠷᠬᠤ ᠠᠴᠠ ᠢᠯᠡᠭᠦᠦ ᠬᠡᠴᠡᠭᠦᠦ ᠬᠡᠷᠡᠭ ᠪᠣᠯᠣᠨ᠎ᠠ᠃ ᠡᠶᠢᠮᠦ ᠠᠴᠠ ᠰᠠᠶᠢᠨ ᠴᠠᠭ ᠲᠤᠬᠢᠶᠠᠯ ᠢ ᠠᠰᠢᠭᠯᠠᠨ᠂ ᠬᠠᠯᠠᠭᠤᠨ ᠪᠦᠯᠢᠶᠡᠨ ᠳᠡᠭᠡᠷ᠎ᠡ ᠨᠢᠵᠦᠢ ᠵᠣᠬᠢᠰᠲᠠᠢ ᠰᠤᠷᠭᠠᠨ ᠬᠥᠮᠥᠵᠢᠭᠦᠯᠬᠦ ᠬᠡᠷᠡᠭᠲᠡᠢ᠃         ᠢᠩᠭᠢᠪᠡᠯ ᠰᠠᠶ᠋ᠢ ᠠᠶᠤᠵᠤ ᠰᠠᠨᠳᠤᠷᠬᠤ ᠠᠴᠠ ᠪᠣᠯᠵᠤ ᠭᠡᠨᠡᠨ ᠤᠴᠢᠷ ᠭᠠᠷᠭᠠᠬᠤ ᠦᠭᠡᠢ᠂ ᠢᠴᠢᠵᠦ ᠵᠤᠪᠠᠭᠤ ᠠᠴᠠ ᠪᠣᠯᠵᠤ ᠰᠡᠳᠬᠢᠴᠡ ᠶᠢᠨ ᠡᠪᠡᠳᠴᠢᠨ ᠪᠠ ᠰᠢᠷᠬ᠎ᠠ ᠰᠤᠷᠪᠢ᠂ ᠳᠠᠷᠤᠭᠠᠰᠤ ᠲᠠᠢ ᠪᠤᠯᠬᠤ ᠦᠭᠡᠢ ᠮᠥᠷᠲᠡᠭᠡᠨ ᠪᠠᠭᠰᠢ ᠪᠠ ᠭᠡᠷ ᠤᠨ ᠠᠬᠠᠮᠠᠳ ᠤᠨ ᠵᠣᠬᠢᠰᠲᠠᠢ ᠰᠤᠷᠭᠠᠯᠲᠠ ᠳᠣᠣᠷ᠎ᠠ ᠪᠡᠷᠬᠡ ᠰᠠᠭᠠᠳ ᠢ ᠢᠯᠠᠨ ᠳᠠᠪᠠᠵᠤ ᠴᠢᠳᠠᠭᠠᠳ ᠲᠤᠰ ᠤᠳᠠᠭᠠᠨ ᠤ ᠤᠴᠢᠷ ᠶᠠᠪᠤᠳᠠᠯ ᠢᠶᠠᠷ ᠦᠯᠢᠬᠡᠷ ᠵᠢᠱᠢᠶ᠎ᠡ ᠪᠠ ᠲᠤᠷᠰᠢᠯᠭ᠎ᠠ ᠰᠤᠷᠭᠠᠮᠵᠢ ᠣᠯᠵᠤ᠂ ᠲᠠᠬᠢᠵᠤ ᠠᠯᠳᠠᠭ᠎ᠠ ᠭᠠᠷᠭᠠᠬᠤ ᠦᠭᠡᠢ ᠰᠠᠶᠢᠨ ᠬᠡᠦᠬᠡᠳ ᠪᠣᠯᠵᠤ ᠴᠢᠳᠠᠨ᠎ᠠ᠃      ᠭᠠᠷ ᠤᠲᠠᠰᠤ ᠲᠠᠢ ᠬᠠᠨᠢᠯᠠᠳᠠᠭ ᠬᠡᠦᠬᠡᠳ ᠤᠯᠠᠨ ᠪᠠᠶᠢᠳᠠᠭ᠃         ᠭᠠᠷ ᠤᠲᠠᠰᠤ ᠦᠵᠡᠵᠦ ᠨᠢᠭᠡ ᠴᠠᠭ ᠤᠨ ᠪᠠᠶᠠᠷ ᠪᠠᠶᠠᠰᠤᠯ ᠢ ᠣᠯᠳᠠᠭ ᠪᠤᠯᠪᠠᠴᠤ ᠨᠢᠳᠦᠨ ᠳᠤ ᠬᠠᠯᠠ ᠲᠠᠢ᠂ ᠬᠢᠴᠢᠶᠡᠬᠦ ᠦᠭᠡᠢ ᠪᠣᠯ ᠣᠶᠢᠷ᠎ᠠ ᠬᠠᠷᠠᠭ᠎ᠠ ᠲᠠᠢ ᠪᠣᠯᠣᠨ᠎ᠠ᠃ ᠭᠡᠷ ᠤᠨ ᠠᠬᠠᠮᠠᠳ ᠬᠡᠦᠬᠡᠳ ᠤᠨ ᠢᠶᠠᠨ ᠨᠢᠳᠦᠨ ᠬᠠᠷᠠᠭ᠎ᠠ ᠶᠢ ᠬᠠᠮᠠᠭᠠᠯᠠᠬᠤ ᠶᠢᠨ ᠲᠥᠯᠥᠭᠡ ᠣᠶᠢᠷ᠎ᠠ ᠬᠠᠷᠠᠭ᠎ᠠ ᠶᠢᠨ ᠲᠤᠬᠠᠢ ᠮᠡᠳᠡᠯᠭᠡ ᠶᠢ ᠮᠡᠳᠡᠵᠦ ᠪᠠᠶᠢᠭᠠᠷᠠᠢ᠃     ᠣᠶᠢᠷ᠎ᠠ ᠬᠠᠷᠠᠭ᠎ᠠ ᠨᠢ ᠶᠠᠮᠠᠷ ᠢᠯᠡᠷᠡᠯ ᠲᠠᠢ ᠪᠤᠢ︖     1 ᠂ ᠶᠠᠭᠤᠮ᠎ᠠ ᠶᠢ ᠨᠢᠳᠦ ᠪᠠᠨ ᠠᠨᠢᠯᠬᠢᠯᠠᠭᠠᠳ ᠦᠵᠡᠬᠦ     2 ᠂ ᠨᠢᠳᠦ ᠪᠠᠨ ᠪᠠᠶᠢᠨ ᠲᠠᠬᠢᠨ ᠨᠤᠬᠤᠯᠠᠬᠤ     3 ᠂ ᠶᠠᠭᠤᠮ᠎ᠠ ᠶᠢ ᠣᠶᠢᠷᠠᠬᠠᠨ ᠠᠴᠠ ᠦᠵᠡᠬᠦ      ᠣᠶᠢᠷ᠎ᠠ ᠬᠠᠷᠠᠭ᠎ᠠ ᠶᠢ ᠰᠡᠷᠭᠡᠶᠢᠯᠡᠬᠦ ᠠᠷᠭ᠎ᠠ       1 ᠂ ᠲᠥᠪ ᠰᠠᠭᠤᠨ᠎ᠠ᠃ ᠰᠤᠷᠤᠯᠭ᠎ᠠ ᠠᠮᠢᠳᠤᠷᠠᠯ ᠳᠠᠭᠠᠨ ᠲᠥᠪ ᠰᠠᠭᠤᠬᠤ ᠶᠢ ᠠᠩᠬᠠᠷᠴᠤ᠂ ᠬᠦᠵᠦᠭᠦᠦ ᠰᠡᠭᠡᠷ᠂ ᠨᠢᠷᠤᠭᠤ᠂ ᠬᠥᠯ ᠭᠠᠷ ᠬᠥᠰᠢᠵᠦ ᠴᠢᠨᠦᠬᠦ᠂ ᠨᠢᠳᠦ ᠶᠠᠳᠠᠷᠠᠬᠤ ᠠᠴᠠ ᠵᠠᠶᠢᠯᠠᠰᠬᠢᠪᠡᠯ ᠵᠣᠬᠢᠨ᠎ᠠ᠃                 2᠂ ᠡᠯᠧᠺᠲᠷᠣᠨ ᠪᠦᠲᠦᠭᠡᠭᠳᠡᠬᠦᠨ ᠢ ᠵᠣᠬᠢᠰᠲᠠᠢ ᠬᠡᠷᠡᠭᠯᠡᠨ᠎ᠡ᠃ 3 ᠨᠠᠰᠤ ᠬᠦᠷᠦᠬᠡᠳᠦᠢ ᠬᠡᠦᠬᠡᠳ ᠡᠯᠧᠺᠲᠷᠣᠨ ᠪᠦᠲᠦᠭᠡᠭᠳᠡᠬᠦᠨ ᠬᠡᠷᠡᠭᠯᠡᠬᠦ ᠦᠭᠡᠢ᠃ 3 — 6 ᠨᠠᠰᠤᠨ ᠤ ᠬᠡᠦᠬᠡᠳ ᠡᠯᠧᠺᠲᠷᠣᠨ ᠪᠦᠲᠦᠭᠡᠭᠳᠡᠬᠦᠨ ᠢ ᠬᠡᠷᠡᠭᠯᠡᠬᠦ ᠳᠤ ᠡᠳᠦᠷ ᠪᠦᠷᠢ 1 ᠴᠠᠭ ᠠᠴᠠ ᠬᠡᠲᠦᠷᠡᠭᠦᠯᠬᠦ ᠦᠭᠡᠢ᠃       3 ᠂ ᠨᠢᠳᠦᠨ ᠤ ᠲᠠᠮᠢᠷ ᠬᠢᠵᠦ ᠨᠢᠳᠦᠨ ᠤ ᠶᠠᠳᠠᠷᠠᠭ᠎ᠠ ᠶᠢ ᠲᠠᠶᠢᠯᠤᠨ᠎ᠠ᠃ 20 ᠮᠢᠨᠦ᠋ᠲ ᠣᠶᠢᠷ᠎ᠠ ᠬᠠᠷᠠᠭᠰᠠᠨ ᠪᠣᠯ 6 ᠮᠧᠲᠷ ᠤᠨ ᠬᠠᠷᠠᠯᠲᠠ ᠶᠢ 20 ᠰᠧᠺᠦ᠋ᠨ᠋ᠲ ᠬᠠᠷᠠᠵᠤ᠂ ᠲᠠᠷᠠᠭ᠎ᠠ ᠨᠢ 30 ᠰᠠᠨᠲ᠋ᠢᠮᠧᠲᠷ ᠤᠨ ᠬᠠᠷᠠᠯᠲᠠ ᠶᠢ ᠬᠠᠷᠠᠵᠤ ᠨᠢᠳᠦᠨ ᠤ ᠪᠤᠯᠴᠢᠩ ᠢ ᠴᠢᠩᠭᠠᠷᠠᠭᠤᠯᠤᠨ᠂ ᠪᠣᠯᠣᠷᠯᠢᠭ ᠴᠣᠭᠴᠠ ᠶᠢ ᠵᠤᠵᠠᠭᠠᠨ ᠪᠣᠯᠭᠠᠨ᠎ᠠ᠃ ᠤᠳᠠᠭ᠎ᠠ ᠪᠦᠷᠢ 10 — 15 ᠮᠢᠨᠦ᠋ᠲ᠂ ᠡᠳᠦᠷ ᠲᠤ 3 — 4 ᠤᠳᠠᠭ᠎ᠠ ᠬᠢᠨ᠎ᠡ᠃      ᠨᠢᠳᠦ ᠶᠢ ᠬᠠᠮᠠᠭᠠᠯᠠᠳᠠᠭ ᠥᠩᠭᠡ     ᠨᠣᠭᠤᠭᠠᠨ ᠥᠩᠭᠡ ᠨᠢ ᠬᠡᠦᠬᠡᠳ ᠪᠠᠭᠠᠴᠤᠳ ᠤᠨ ᠨᠢᠳᠦᠨ ᠤ ᠡᠷᠡᠭᠦᠯ ᠮᠡᠨᠳᠦ ᠳᠤ ᠲᠤᠰᠠᠲᠠᠢ ᠪᠠᠶᠢᠳᠠᠭ᠃ ᠤᠯᠠᠭᠠᠨ ᠰᠢᠷ᠎ᠠ ᠦᠡᠭᠭᠡᠨ ᠤ ᠣᠶᠢᠯᠲᠠ ᠨᠢ ᠬᠤᠷᠴᠠ᠂ ᠨᠢᠳᠦᠨ ᠳᠤ ᠦᠭᠬᠦ ᠰᠡᠳᠡᠯᠲᠡ ᠨᠢ ᠶᠡᠭᠡ ᠪᠠᠶᠢᠳᠠᠭ᠃ ᠨᠣᠭᠤᠭᠠᠨ ᠥᠩᠭᠡ ᠶᠢᠨ ᠣᠶᠢᠯᠲᠠ ᠨᠢ ᠳᠤᠮᠳᠠ ᠵᠡᠷᠭᠡ ᠶᠢᠨ ᠪᠠᠶᠢᠵᠤ᠂ ᠬᠥᠮᠥᠨ ᠤ ᠮᠡᠳᠡᠷᠡᠯ ᠤᠨ ᠰᠢᠰᠲ᠋ᠧᠮ᠂ ᠲᠠᠷᠢᠬᠢᠨ ᠤ ᠪᠣᠷᠣ ᠳᠠᠪᠬᠤᠷᠭ᠎ᠠ ᠪᠠ ᠨᠢᠳᠦᠨ ᠤ ᠲᠣᠣᠷᠯᠢᠭ ᠪᠦᠷᠬᠦᠪᠴᠢ ᠳ᠋ᠤ᠋‌‍ᠬᠡᠳᠦ ᠴᠢᠩᠭ᠎ᠠ ᠰᠡᠳᠡᠯᠲᠡ ᠦᠭᠳᠡᠭ ᠦᠭᠡᠢ᠃ ᠡᠭᠦᠨ ᠠᠴᠠ ᠭᠠᠳᠠᠨ᠎ᠠ᠂ ᠨᠣᠭᠤᠭᠠᠨ ᠥᠩᠭᠡᠲᠦ ᠤᠷᠭᠤᠮᠠᠯ ᠨᠢ ᠬᠤᠷᠴᠠ ᠬᠡᠷᠡᠯ ᠤᠨ ᠨᠢᠳᠦᠨ ᠳᠤ ᠦᠭᠬᠦ ᠴᠢᠩᠭ᠎ᠠ ᠰᠡᠳᠡᠯᠲᠡ ᠶᠢ ᠨᠠᠮᠳᠠᠭᠤᠯᠳᠠᠭ᠃       ᠬᠡᠷᠪᠡ ᠬᠡᠦᠬᠡᠳ ᠲᠤ ᠣᠶᠢᠷ᠎ᠠ ᠬᠠᠷᠠᠭ᠎ᠠ ᠶᠢᠨ ᠢᠯᠡᠷᠡᠯ ᠭᠠᠷᠤᠭᠰᠠᠨ ᠪᠣᠯ ᠶᠠᠭᠠᠬᠢᠬᠤ ᠪᠤᠢ︖        ᠬᠡᠦᠬᠡᠳ ᠣᠶᠢᠷ᠎ᠠ ᠶᠠᠭᠤᠮ᠎ᠠ ᠬᠠᠷᠠᠬᠤ ᠨᠢ ᠢᠯᠡᠭᠦᠦ᠂ ᠰᠣᠷᠮᠤᠤᠰᠤᠯᠢᠭ ᠪᠤᠯᠴᠢᠩ ᠤᠨ ᠲᠤᠰ ᠪᠡᠶ᠎ᠡ ᠨᠢ ᠴᠤ ᠪᠣᠶᠢᠵᠢᠵᠤ ᠭᠦᠢᠴᠡᠭᠡᠳᠦᠢ ᠪᠣᠯᠬᠤᠷ ᠲᠤᠩ ᠠᠮᠠᠷᠬᠠᠨ ᠢᠶᠠᠷ ᠬᠠᠭᠤᠷᠮᠠᠭ ᠣᠶᠢᠷ᠎ᠠ ᠬᠠᠷᠠᠭ᠎ᠠ ᠶᠢᠨ ᠪᠠᠶᠢᠳᠠᠯ ᠢᠯᠡᠷᠡᠳᠡᠭ᠃ ᠡᠶᠢᠮᠦ ᠠᠴᠠ ᠬᠡᠦᠬᠡᠳ ᠣᠶᠢᠷ᠎ᠠ ᠬᠠᠷᠠᠭ᠎ᠠ ᠶᠢᠨ ᠪᠠᠶᠢᠳᠠᠯ ᠢᠯᠡᠷᠡᠪᠡᠯ ᠶᠠᠭᠤᠨ ᠤ ᠡᠮᠦᠨ᠎ᠡ ᠬᠡᠦᠬᠡᠳ ᠲᠤ ᠬᠡᠦᠬᠡᠨ ᠬᠠᠷᠠᠭ᠎ᠠ ᠶᠢ ᠰᠠᠶᠢᠵᠢᠷᠠᠭᠤᠯᠵᠤ᠂ ᠬᠠᠷᠠᠭ᠎ᠠ ᠰᠢᠯᠭᠠᠬᠤ ᠪᠠᠶᠢᠴᠠᠭᠠᠯᠲᠠ ᠬᠢᠯᠬᠡᠵᠦ᠂ ᠦᠨᠡᠨ ᠣᠶᠢᠷ᠎ᠠ ᠬᠠᠷᠠᠭ᠎ᠠ ᠪᠣᠯᠤᠭᠰᠠᠨ ᠡᠰᠡᠬᠦ ᠶᠢ ᠨᠢ ᠲᠣᠳᠣᠯᠠᠭᠠᠳ ᠡᠮᠴᠢᠯᠡᠨ ᠵᠠᠰᠠᠬᠤ ᠠᠷᠭ᠎ᠠ ᠪᠠᠨ ᠰᠣᠩᠭᠤᠨ᠎ᠠ᠃                                    ︵︽NMTV ᠰᠣᠶᠣᠯ︾ ᠵᠢᠷᠭᠢᠶ᠎ᠡ ᠲᠠᠪᠴᠠᠩ ᠠᠴᠠ︶ 
ᠢᠷᠡᠯᠲᠡ᠄ ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ