ᠲᠦᠪᠡᠳ ᠤᠨ ᠦᠨᠳᠦᠷᠯᠢᠭ ᠲᠤ
ᠨᠡᠶᠢᠲᠡᠯᠡᠭᠰᠡᠨ ᠴᠠᠭ᠄
2023/3/15
                                                                                ᠪᠠᠶᠠᠨ           70 ᠨᠠᠰᠤ ᠶᠢ ᠲᠦᠬᠦᠵᠦ ᠶᠠᠪᠤᠭ᠎ᠠ ᠡᠾᠧ ᠫᠢᠩ ᠨᠠᠰᠤᠳᠡᠨ ᠤᠡᠭᠨᠢᠭᠤᠳ ᠬᠤᠰᠢᠭᠤ ᠪᠠᠷ ᠨᠤᠳᠤᠭ ᠲᠠᠢ᠃  ᠨᠠᠰᠤᠲᠠᠨ‌ᠭᠤᠸᠠᠢ ᠵᠠᠯᠠᠭᠤ  ᠢᠳᠡᠷ  ᠴᠠᠭ ᠠᠴᠠ ᠪᠠᠨ  ᠮᠤᠲ᠋ᠤᠷ  ᠤᠨᠤᠬᠤ  ᠪᠠᠭ᠋ᠠᠳᠠᠢ  ᠴᠤ  ᠪᠠᠭᠰᠢᠯᠠᠵᠦ  ᠪᠠᠶᠢᠬᠤ  ᠬᠤᠭᠤᠴᠠᠭᠠᠨ ᠳ᠋ᠠᠭᠠᠨ‌ᠠᠶᠢᠯ ᠠᠴᠠ ᠪᠠᠨ ᠰᠤᠮᠤᠨ ᠤ ᠰᠤᠷᠭᠠᠭᠤᠯᠢ ᠬᠦᠷᠬᠦ ᠵᠠᠮ ᠢ ᠠᠬᠢᠨ ᠲᠠᠬᠢᠨ ᠡᠯᠡᠭᠡᠭᠰᠨ ᠠᠴᠠ ᠪᠢᠰᠢ᠂ ᠬᠤᠯᠠ ᠶᠢᠨ  ᠵᠠᠮ  ᠶᠡᠷᠦ ᠨᠢ ᠶᠠᠪᠤᠵᠦ ᠦᠡᠭᠭᠡᠷᠡᠭᠡ ᠦᠭᠡᠢ᠃ ᠭᠡᠶ᠎ᠡ ︽ᠬᠡᠵᠢᠶ᠎ᠡ ᠨᠢᠭᠡ ᠡᠳᠦᠷ ᠮᠤᠲ᠋ᠤᠷ ᠢᠶᠠᠷ ᠢᠶᠠᠨ ᠬᠠᠨᠲᠠᠯ᠎ᠠ ᠲᠤᠭᠤᠷᠢᠵᠤ ᠦᠵᠡᠬᠦ ᠶᠤᠮ  ᠰᠠᠨ︾ ᠭᠡᠰᠡᠨ ᠪᠤᠳᠤᠯ ᠨᠢ ᠦᠷᠦ ᠵᠢᠷᠦᠭᠡᠨ ᠳᠤ ᠨᠢ ᠬᠠᠳᠠᠩᠰᠢᠭᠠᠳ ᠤᠨ ᠤᠳᠠᠵᠠᠢ᠃            ︽ᠮᠤᠲ᠋ᠤᠷ ᠢᠶᠠᠷ ᠠᠶᠠᠯᠠᠬᠤ ᠶᠢ ᠭᠡᠷ ᠤᠨ ᠬᠦᠮᠦᠰ ᠵᠦᠪᠰᠢᠶᠡᠷᠡᠳᠡᠭ ᠴᠤ  ᠲᠡᠩᠳᠡᠭᠦᠦ  ᠬᠤᠯᠠ  ᠶᠠᠪᠤᠬᠤ ᠶᠢ  ᠲᠡᠮᠵᠢᠳᠡᠭ‌ᠦᠭᠡᠢ᠂ ᠨᠠᠰᠤ ᠨᠢᠭᠡᠨᠳᠡ ᠲᠠᠯᠠ ᠶᠢ ᠲᠦᠭᠦᠭᠰᠡᠨ ᠪᠤᠯᠬᠤᠷ  ᠵᠠᠮ ᠳᠠᠭᠠᠨ  ᠲᠦᠭᠡᠷᠢᠬᠦ  ᠪᠤᠶᠤ  ᠳᠡᠩᠳᠡᠬᠦᠦ  ᠶᠠᠳᠠᠷᠠᠴᠢᠬᠠᠬᠤ ᠡᠴᠠ‌ᠠᠶᠤᠳᠠᠭ ᠶᠤᠮ︾ ᠬᠡᠵᠦ ᠨᠠᠰᠤᠳᠠᠨ ᠬᠡᠯᠡᠨ᠎ᠡ᠃ ︽ᠬᠡᠯᠡᠭᠰᠡᠨ ᠢᠶᠠᠷ ᠢᠶᠠᠨ ᠬᠢᠵᠦ  ᠪᠤᠳᠤᠭᠰᠠᠨ ᠢᠶᠠᠷ ᠢᠶᠠᠨ  ᠶᠠᠪᠤᠳᠠᠭ︾ ᠨᠢ  ᠡᠾᠧ‌‍ᠫᠢᠩ ᠨᠠᠰᠤᠳᠠᠨ ᠤ ᠵᠠᠩ ᠭᠡᠯᠳᠠᠢ᠃ ᠴᠢᠮᠡᠭᠡ ᠨᠡᠪᠳᠡᠷᠡᠯᠬᠡ ᠶᠢᠨ ᠰᠢᠨ᠎ᠠ  ᠴᠠᠭ  ᠦᠶ᠎ᠠ ᠳᠤ  ᠭᠠᠷ  ᠤᠳᠠᠰᠤ  ᠪᠠᠶᠢᠪᠠᠯ  ᠬᠠᠮᠢᠭ᠎ᠠ‌ᠤᠴᠢᠭᠰᠠᠨ ᠴᠦ ᠬᠠᠮᠢᠶ᠎ᠠ ᠦᠭᠡᠢ᠂ ᠤᠴᠢᠷ ᠶᠠᠪᠤᠳᠠᠯ  ᠳᠤᠬᠢᠶᠠᠯᠳᠤᠪᠠᠯ  ᠤᠳᠠᠰᠤ ᠪᠠᠷ  ᠬᠤᠯᠪᠤᠭ᠎ᠠ  ᠠᠪᠴᠤ  ᠪᠤᠯᠤᠨ᠎ᠠ  ᠬᠡᠳ‌ᠦᠪᠡᠷ ᠲᠡᠭᠡᠨ ᠤᠶᠤᠨᠴᠢ ᠮᠠᠰᠢᠨ ᠬᠡᠷᠡᠭᠯᠡᠵᠦ  ᠰᠤᠷᠴᠠᠢ᠃  ᠨᠠᠰᠤ  ᠶᠠᠪᠤᠭᠰᠠᠨ ᠠᠴᠠ  ᠭᠠᠵᠠᠷ ᠤᠨ  ᠵᠢᠷᠤᠭ ᠤᠨ  APP ᠶᠢ ᠤᠢᠢᠯᠠᠭᠠᠬᠤ ᠦᠭᠡᠢ ᠪᠤᠯᠬᠤᠷ ᠮᠡᠳᠡᠬᠦ ᠦᠭᠡᠢ ᠴᠢᠳᠠᠬᠤ ᠦᠭᠡᠢ  ᠵᠦᠢᠯ ᠢᠶᠠᠨ  ᠤᠮᠪᠤᠯᠦ  ᠬᠦᠦ ᠪᠠᠷ ᠢᠶᠠᠨ  ᠵᠢᠭᠠᠯᠭᠠᠵᠤ᠂  ᠭᠠᠷ ᠤᠳᠠᠰᠤ ᠪᠠᠷ ᠤᠴᠢᠬᠤ ᠬᠡᠰᠡᠨ ᠭᠠᠵᠠᠷ ᠤᠨ ᠬᠠᠮᠤᠭ ᠤᠢᠢᠷ᠎ᠠ ᠵᠠᠮ ᠢ ᠰᠤᠩᠭᠤᠬᠤ ᠳᠤᠬᠠᠢ ᠴᠢᠳᠠᠮᠵᠢ ᠶᠢ ᠡᠵᠡᠮᠰᠢᠵᠤ ᠴᠢᠳᠠᠵᠠᠢ᠃           ᠭᠠᠯᠳᠦ ᠲᠡᠷᠭᠡ᠂ ᠪᠠᠭ᠎ᠠ ᠮᠠᠰᠢᠨ᠂ ᠲᠤᠭᠤᠢ ᠲᠡᠷᠬᠡ ᠪᠠᠷ  ᠯᠾᠠᠰᠠ ᠳᠤ  ᠶᠠᠪᠤᠭᠰᠠᠨ  ᠦᠯᠢᠭᠡᠷ ᠢ  ᠤᠯᠠᠨ  ᠰᠤᠨᠤᠰᠴᠤ‌‍ᠪᠠᠶᠢᠭᠰᠠᠨ ᠡᠾᠧ ᠫᠢᠩ ᠨᠠᠰᠤᠳᠡᠨ ᠳᠤ ᠠᠪᠴᠤ ᠬᠡᠯᠡᠪᠡᠯ ᠮᠤᠲ᠋ᠤᠷ ᠢᠶᠠᠷ ᠶᠠᠪᠤᠬᠤ ᠨᠢ ᠨᠡᠩ ᠶᠡᠭᠡ ᠬᠠᠪᠤ ᠴᠡᠩᠬᠡᠯ ᠲᠠᠢ  ᠰᠠᠨᠠᠭᠳᠠᠳᠠᠭ‌‍ᠪᠤᠯᠬᠤᠷ 2018 ᠤᠨ ᠤ 5 ᠰᠠᠷ᠎ᠠ ᠶᠢᠨ 29 ᠤ ᠡᠳᠤᠷ ᠤᠡᠭᠨᠢᠭᠤᠳ ᠠᠴᠠ ᠯᠾᠠᠰᠠ ᠶᠢ ᠴᠢᠭᠯᠡᠭᠰᠡᠨ ᠪᠠᠶᠢᠯ᠎ᠠ᠃            ︽ᠳᠡᠯᠡᠬᠡᠢ ᠶᠢᠨ ᠰᠡᠭᠡᠷ ᠨᠢᠷᠤᠭᠤ ᠬᠡᠮᠡᠭᠳᠡᠭᠰᠡᠨ ᠲᠦᠪᠡᠳ ᠤᠨ ᠦᠨᠳᠦᠷᠯᠢᠭ ᠨᠢ ᠭᠠᠵᠠᠷ ᠤᠨ ᠪᠠᠶᠢᠷᠢᠰᠢᠯ  ᠪᠡ  ᠠᠭᠤᠷ‌ᠠᠮᠢᠰᠬᠤᠯ ᠨᠢ ᠪᠤᠰᠤᠳ ᠭᠠᠵᠠᠷ ᠠᠴᠠ ᠪᠤᠳᠤᠯᠢᠶᠠᠨᠲᠠᠢ ᠮᠦᠷᠲᠡᠭᠡᠨ ᠬᠦᠴᠢᠯᠳᠦ᠋ᠷᠦᠭᠴᠢ ᠳᠤᠳᠠᠭᠳᠠᠬᠤ ᠦᠵᠡᠭᠳᠡᠯ ᠳᠠᠩᠳᠠ ᠭᠠᠷᠳᠠᠭ‌‍ᠲ᠋ᠤᠯᠠ ᠲᠤᠯᠤᠭᠠᠢ ᠡᠷᠭᠢᠬᠦ᠂ ᠪᠦᠭᠡᠯᠵᠢᠬᠦ᠂ ᠠᠮᠢᠰᠬᠤᠯ ᠪᠡᠷᠬᠡᠳᠡᠬᠦ ᠵᠡᠷᠭᠡ  ᠪᠠᠶᠢᠳᠡᠯ  ᠢᠯᠡᠷᠡᠳᠡᠭ᠃  ᠮᠢᠨᠦ  ᠬᠠᠮᠳᠦ  ᠰᠤᠷᠤᠯᠭᠠᠳᠠᠨ‌ᠮᠠᠩᠯᠠᠢ ᠵᠢᠯ ᠤᠨ ᠬᠡᠳᠦ ᠤᠳᠠᠭ᠎ᠠ ᠯᠾᠠᠰᠠ ᠳᠤ ᠠᠵᠢᠯ ᠢᠶᠠᠷ ᠶᠠᠪᠤᠳᠠᠭ ᠪᠠᠶᠢᠭᠰᠠᠨ ᠢᠶᠠᠨ ᠰᠡᠭᠦᠯᠳᠡᠵᠦ ᠢᠷᠡᠭᠡᠳ  ᠦᠨᠳᠦᠷᠯᠢᠭ ‍ᠤᠨ‌ᠠᠭᠤᠷ ᠠᠮᠢᠰᠬᠤᠯ ᠢ ᠲᠠᠭᠠᠭᠠᠬᠤ ᠦᠭᠡᠢ ᠬᠡᠳ ᠪᠤᠴᠠᠭᠠᠳ ᠢᠷᠡᠭᠰᠡᠨ ᠰᠢᠤ ᠠᠪᠤ ᠡ︾ ᠭᠡᠵᠦ ᠬᠦᠦ  ᠤᠶᠤᠨᠳᠠᠯᠠᠢ ᠨᠢ  ᠲᠡᠭᠦᠨ ᠢ‌ᠮᠤᠷᠳᠠᠬᠤ ᠠᠴᠠ ᠡᠮᠤᠨ᠎ᠠ ᠰᠠᠨᠠᠭᠤᠯᠬᠤ ᠳᠠᠭᠠᠨ ︽ᠬᠡᠳᠦᠷᠭᠡᠢ ᠶᠠᠳᠠᠷᠠᠪᠠᠯ ᠮᠤᠲ᠋ᠤᠷ ᠢᠶᠠᠨ  ᠪᠠᠷᠠᠭᠠᠨ ᠤ  ᠬᠦᠢᠯᠭᠡᠭᠡ ᠪᠠᠷ  ᠢᠯᠡᠭᠡᠭᠡᠳ‌ᠦᠪᠡᠷ ᠲᠡᠭᠡᠨ ᠳᠡᠷᠭᠡᠨ ᠳᠤ ᠰᠠᠭᠤᠭᠠᠳ ᠬᠠᠷᠢᠭᠠᠳ ᠢᠷᠡᠴᠢᠭᠡ︾  ᠭᠡᠰᠡᠨ  ᠪᠠᠶᠢᠯ᠎ᠠ᠃  ︽ᠲᠡᠷᠡ  ᠤᠯᠠᠨ ᠢ  ᠪᠤᠳᠤᠯᠬᠢᠯᠠᠭᠠᠳ‌‍ᠪᠠᠶᠢᠪᠠᠯ ᠬᠡᠵᠢᠶ᠎ᠡ ᠴᠦ ᠭᠡᠰᠡᠨ ᠬᠦᠰᠡᠯ ᠢᠶᠠᠨ ᠪᠡᠶᠡᠯᠡᠭᠦᠯᠵᠦ ᠴᠢᠳᠠᠬᠤ ᠦᠭᠡᠢ᠂ ᠪᠢ ᠤᠷᠢᠳᠠᠪᠠᠷ ᠴᠸᠡᠭᠳᠦ᠋ ᠳᠤ ᠬᠦᠷᠴᠦ ᠦᠵᠡᠶ᠎ᠡ᠂ᠬᠡᠷᠪᠡ ᠮᠢᠨᠦ ᠪᠡᠶ᠎ᠡ ᠡᠪ ᠦᠭᠡᠢ ᠪᠤᠯᠪᠠᠯ ᠪᠢ ᠪᠤᠴᠠᠭᠠᠳ ᠶᠦᠨᠨᠠᠨ ᠮᠤᠵᠢ ᠪᠠᠷ  ᠳᠠᠮᠵᠢᠭᠠᠳ  ᠬᠠᠷᠢᠭᠠᠳ  ᠢᠷᠡᠴᠢᠬᠡᠨ᠎ᠡ︾  ᠭᠡᠵᠦ ᠡᠾᠧ ᠫᠢᠩ ᠨᠠᠰᠤᠳᠠᠨ ᠠᠵᠢᠭ ᠴᠤ ᠦᠭᠡᠢ ᠬᠠᠷᠢᠭᠤᠯᠵᠠᠢ᠃           ᠲᠠᠶᠢᠶᠤᠸᠠᠨ  ᠬᠤᠳᠠ ᠳᠤ  ᠬᠦᠷᠦᠭᠡᠳ ᠶᠠᠳᠠᠷᠠᠭᠰᠠᠨ ᠠᠴᠠ  ᠪᠤᠯᠵᠦ  ᠨᠠᠰᠤᠲᠠᠨ  ᠭᠤᠸᠠᠢ  ᠦᠨᠡᠭᠡᠷ  ᠭᠡᠷ ᠲᠡᠭᠡᠨ ᠪᠤᠴᠠᠴᠢᠬᠠᠶ᠎ᠠ ᠭᠡᠵᠦ ᠪᠤᠳᠤᠭᠰᠠᠨ ᠭᠡᠨ᠎ᠡ᠃ ᠭᠡᠲᠡᠯ᠎ᠡ ︽ᠡᠷ᠎ᠡ ᠬᠦᠮᠦᠨ ᠬᠡᠯᠡᠭᠰᠡᠨ ᠳᠡᠭᠡᠨ᠂ ᠡᠮᠡᠭᠡᠯᠳᠦ ᠮᠤᠷᠢ ᠬᠠᠷᠠᠶᠢᠭᠰᠠᠨ ᠳᠠᠭᠠᠨ︾ ᠭᠡᠵᠦ ᠭᠠᠷᠤᠭᠠᠳ ᠢᠷᠡᠭᠰᠡᠨ ᠶᠤᠮ ᠴᠢᠨᠢ ᠪᠤᠴᠠᠵᠤ ᠪᠤᠯᠬᠤ ᠦᠬᠡᠢ ᠭᠡᠵᠦ ᠬᠠᠳᠠᠭᠤ ᠪᠤᠳᠤᠵᠦ᠂ ᠨᠢᠭᠡ ᠰᠦᠨᠢ ᠭᠠᠶᠢᠭᠤᠢ ᠠᠮᠠᠷᠠᠵᠤ‌ᠠᠪᠤᠭᠠᠳ ᠬᠤᠶᠠᠳᠠᠬᠢ ᠡᠳᠦᠷ ᠨᠢ ᠲᠠᠬᠢᠨ ᠵᠠᠮ ᠢᠶᠠᠨ ᠡᠯᠭᠦᠪᠡ᠃           ᠵᠠᠮ ᠵᠠᠭᠤᠷ᠎ᠠ ᠵᠤᠷᠢᠯᠲᠠ ᠨᠢᠭᠡᠳᠡᠳ ᠲᠠᠢ ᠬᠠᠷᠭᠤᠭᠰᠠᠨ ᠨᠢ ᠪᠦᠷ ᠯᠡ ᠵᠠᠯᠠᠭᠤᠴᠤᠳ᠂  ᠲᠡᠳᠡ  ᠨᠠᠰᠤᠳᠡᠨ ᠤ  ᠰᠦᠰᠦ‌ᠵᠤᠷᠢᠭ ᠢ ᠪᠢᠰᠢᠷᠡᠵᠦ᠂ ᠬᠦᠨᠡᠰᠦ ᠬᠤᠭᠤᠯᠠ ᠪᠠᠨ  ᠬᠤᠪᠢᠶᠠᠯᠴᠠᠵᠦ᠂  ᠵᠤᠤᠵᠠᠢ  ᠬᠤᠯᠪᠤᠨ  ᠲᠤᠪᠳᠤᠯᠤᠭᠰᠠᠨ  ᠬᠡᠳᠡᠭ᠃  ᠨᠢᠭᠡᠨ‌‍ᠪᠤᠷᠤᠭᠠᠨ ᠲᠠᠢ ᠡᠳᠤᠷ ᠪᠠᠭᠤᠳᠡᠯ ᠡᠷᠢᠵᠦ ᠪᠠᠶᠢᠬᠤ ᠳᠤ ᠮᠤᠲ᠋ᠤᠷ ᠢᠶᠠᠷ ᠯᠾᠠᠰᠠ ᠳᠤ ᠤᠴᠢᠵᠦ ᠦᠡᠭᠭᠡᠷᠡᠭᠰᠡᠨ ᠡᠾᠧᠨᠠᠨ ᠨᠤᠳᠤᠭ ‍ᠤᠨ‌ᠵᠠᠯᠠᠭᠤ ᠲᠠᠢ ᠬᠠᠷᠭᠤᠵᠦ ᠬᠤᠶᠠᠭᠤᠯᠠ ᠬᠠᠮᠳᠦ ᠪᠠᠭᠤᠳᠡᠯ ᠠᠪᠴᠤ ᠪᠤᠷᠤᠭᠠᠨ ᠵᠤᠭᠰᠤᠬᠤ ᠶᠢ ᠬᠦᠯᠢᠶᠡᠵᠦ  ᠠᠮᠠᠷᠠᠬᠤ ᠳᠠᠭᠠᠨ  ᠡᠾᠧ ᠫᠢᠩ  ᠨᠠᠰᠤᠳᠡᠨ  ᠲᠡᠷᠡ  ᠵᠠᠯᠠᠭᠤ ᠠᠴᠠ  ᠯᠾᠠᠰᠠ ᠳᠤ  ᠮᠤᠲ᠋ᠤᠷ ᠢᠶᠠᠷ  ᠶᠠᠪᠤᠬᠤ ᠲᠤᠬᠠᠢ  ᠦᠯᠢᠭᠡᠷ᠂ ᠲᠤᠷᠰᠢᠯᠭ᠎ᠠ ᠶᠢ ᠨᠢ‌ᠬᠤᠷᠠᠮᠳᠤᠭᠤᠯᠵᠤ᠂ ᠴᠸᠡᠭᠳᠦ᠋ ᠳᠤ ᠪᠠᠰᠠ ︽ᠴᠸᠡᠭᠳᠦ᠋ ᠢ ᠵᠤᠸᠠᠩ︾ ᠬᠡᠮᠡᠬᠦ ᠮᠤᠲ᠋ᠤᠷ ᠤᠨ ᠪᠠᠭᠠᠷ ᠪᠠᠶᠢᠬᠤ ᠶᠢ ᠤᠯᠵᠤ ᠮᠡᠳᠡᠵᠡᠢ᠃ ᠲᠡᠭᠡᠭᠡᠳ ᠪᠠᠭᠠᠷ ᠤᠨ ᠵᠢᠷᠬᠢᠶ᠎ᠠ ᠶᠢ ᠨᠢ ᠬᠤᠯᠪᠤᠵᠦ ᠲᠡᠶᠢᠯᠦᠭᠰᠡᠨ ᠠᠴᠠ ᠯᠾᠠᠰᠠ ᠳᠤ ᠶᠠᠪᠤᠬᠤ ᠪᠦᠯᠬᠦᠮ ᠢ ᠴᠤ ᠡᠷᠢᠵᠦ ᠤᠯᠤᠭᠰᠠᠨ‌‍ᠶᠤᠮ᠃ ᠤᠤᠯ ᠨᠢ ︽ᠴᠸᠡᠭᠳᠦ᠋ ᠢ ᠵᠤᠸᠠᠩ︾ ᠮᠤᠲ᠋ᠤᠷ ᠤᠨ ᠪᠠᠭᠠᠷ ᠨᠢ  ᠪᠦᠬᠦ  ᠤᠯᠤᠰ ᠤᠨ  ᠡᠯ᠎ᠡ  ᠭᠠᠵᠠᠷ ᠤᠨ  ᠮᠤᠲ᠋ᠤᠷ ᠵᠶ᠋ᠠᠷ‌ᠯᠾᠠᠰᠠ ᠳᠤ ᠶᠠᠪᠤᠬᠤ ᠬᠦᠮᠦᠰ ᠤᠨ ᠴᠤᠭᠯᠠᠷᠠᠯ ᠪᠠᠶᠢᠵᠠᠢ᠃            ᠡᠾᠧᠪᠸᠢ᠂ ᠱᠠᠨ ᠰᠢ᠂ ᠱᠠᠨᠰᠢ ᠶᠢ ᠲᠠᠮᠵᠢᠨ 6 ᠰᠠᠷ᠎ᠠ ᠶᠢᠨ 5 ᠤ ᠡᠳᠤᠷ  ᠴᠸᠡᠭᠳᠦ᠋ ᠳᠤ  ᠬᠦᠷᠴᠤ  ︽ᠴᠸᠡᠭᠳᠦ᠋  ᠢ ᠵᠤᠸᠠᠩ︾ ᠮᠤᠲ᠋ᠤᠷ ᠤᠨ ᠪᠠᠭᠠᠷ ᠤᠨ ᠬᠦᠮᠦᠰ ᠲᠠᠢ ᠤᠴᠠᠷᠠᠨ ᠳᠡᠳᠡᠨᠤᠰ ᠲᠠᠢ ᠬᠠᠮᠲᠤ  ᠵᠠᠮ  ᠲᠠᠭᠠᠷᠠᠭᠰᠠᠨ ᠨᠢ ᠠᠰᠢᠲᠠᠢ ᠰᠠᠶᠢᠨ ᠪᠤᠯᠪᠠ᠃ ᠯᠾᠠᠰᠠ ᠶᠢ ᠴᠢᠭᠯᠡᠬᠦ ᠳᠤ ᠢᠳᠡᠭ ᠢᠳᠡᠭ ᠢᠶᠠᠷ  ᠦᠭᠡᠳᠡ ᠲᠠᠪᠠᠨ᠎ᠠ᠃ ᠡᠳᠤᠷ ᠲᠤ ᠬᠡᠳᠦᠢ ᠺᠢᠯᠤᠮᠧᠳ᠋ᠷ  ᠶᠠᠪᠤᠬᠤ᠂ ᠭᠠᠵᠠᠷ ᠤᠨ ᠵᠢᠷᠤᠭ ᠤᠨ ᠶᠤᠰᠤᠭᠠᠷ ᠠᠮᠠᠷᠠᠬᠤ ᠭᠠᠵᠠᠷ ᠲᠤ ᠵᠠᠪᠠᠯ ᠠᠮᠠᠷᠠᠬᠤ ᠴᠢᠬᠤᠯᠠᠳᠠᠢ᠂ ᠡᠨᠡᠬᠦ ᠵᠤᠷᠰᠢᠯ ᠢᠶᠠᠷ ᠵᠠᠮᠨᠠᠭᠰᠠᠭᠠᠷ ᠪᠠᠶᠢᠵᠦ ᠲᠦᠯᠦᠪᠯᠡᠭᠡ ᠶᠤᠰᠤᠭᠠᠷ  ᠶᠢᠰᠦᠨ ᠡᠳᠤᠷ ᠤᠨ  ᠵᠠᠮ  ᠬᠦᠭᠡᠭᠡᠵᠦ  ᠯᠾᠠᠰᠠ ᠬᠤᠳᠠ ᠳᠤ ᠬᠦᠷᠬᠦ ᠶᠤᠮ  ᠪᠠᠶᠢᠨ᠎ᠠ᠃ ᠴᠸᠡᠭᠳᠦ᠋ ᠳᠤ ᠪᠠᠶᠢᠬᠤ ᠳᠤ ᠬᠤᠶᠠᠷ ᠵᠠᠯᠠᠭᠤ ᠵᠠᠮ ᠠᠴᠠ ᠪᠠᠨ ᠪᠤᠴᠠᠴᠢᠬᠠᠭᠰᠠᠨ ᠪᠠᠶᠢᠯ᠎ᠠ᠂ ᠤᠴᠢᠷ  ᠰᠢᠯᠳᠠᠭᠠᠨ ᠢ ᠨᠢ ᠠᠰᠠᠭᠤᠪᠠᠯ ᠦᠨᠳᠦᠷᠯᠢᠭ ᠤᠨ ᠠᠭᠤᠷ ᠠᠮᠢᠰᠬᠤᠯ ᠳᠤ ᠵᠤᠬᠢᠴᠠᠬᠤ ᠦᠭᠡᠢ ᠠᠴᠠ  ᠪᠤᠯᠵᠤ  ᠪᠤᠷᠤ  ᠮᠦᠷ ᠢᠶᠠᠷ ᠢᠶᠠᠨ  ᠪᠤᠴᠠᠭᠰᠠᠨ  ᠪᠠᠶᠢᠵᠠᠢ᠃ ᠨᠢᠭᠡᠨ ᠠᠭᠤᠯᠠᠨ ᠵᠠᠮ ᠢᠶᠠᠷ  ᠮᠤᠷᠦ᠋ᠢᠬᠤ  ᠦᠶᠡᠰ  ᠮᠤᠲ᠋ᠤᠷ ᠠᠴᠠ ᠪᠠᠨ ᠤᠢᠢᠴᠢᠭᠰᠠᠨ ᠳᠤ ᠬᠠᠮᠳᠦ  ᠶᠠᠪᠤᠭᠰᠠᠳ ᠨᠢ  ︽ᠲᠠ‌ᠬᠠᠷᠢᠴᠢᠬ᠎ᠠ᠂ ᠡᠨᠡ ᠶᠠᠩᠵᠦ ᠪᠠᠷ ᠴᠠᠰᠢ ᠶᠠᠪᠤᠵᠦ ᠪᠤᠯᠬᠤ ᠦᠭᠡᠢ︾ ᠭᠡᠰᠡᠨ ᠳᠤ ᠡᠾᠧ ᠫᠢᠩ ᠨᠠᠰᠤᠳᠡᠨ ︽ᠪᠢ ᠯᠠᠪ ᠯᠾᠠᠰᠠ ᠳᠤ ᠬᠦᠷᠴᠦ ᠲᠡᠶᠢᠯᠦᠨ᠎ᠠ᠂ ᠬᠡᠷᠪᠡ ᠮᠢᠨᠦ ᠮᠤᠲ᠋ᠤᠷ ᠭᠤᠷᠢ ᠦᠭᠡᠢ  ᠪᠤᠯᠪᠠᠯ  ᠪᠢ  ᠠᠯᠬᠤᠵᠦ  ᠪᠠᠶᠢᠭᠠᠳ  ᠴᠤ  ᠭᠡᠰᠡᠨ  ᠯᠾᠠᠰᠠ ᠳᠤ ᠬᠦᠷᠦᠨ᠎ᠡ︾ ᠭᠡᠵᠦ ᠢᠳᠡᠬᠡᠯ ᠦᠴᠢᠨ ᠶᠠᠪᠤᠭᠰᠠᠨ ᠬᠡᠳᠡᠭ᠃            ᠯᠾᠠᠰᠠ ᠬᠤᠳᠠ ᠠᠴᠠ ᠠᠷᠪᠠᠨ ᠬᠡᠳᠤᠨ ᠺᠢᠯᠦᠮᠧᠳ᠋ᠷ  ᠵᠠᠶᠢᠳᠠᠢ  ᠪᠠᠶᠢᠬᠤ ᠳᠤ  ᠶᠡᠭᠡ  ᠪᠤᠷᠤᠭᠠᠨ  ᠤᠷᠤᠵᠦ ᠠᠶᠠᠨ ᠤ ᠬᠠᠨᠢᠳᠡᠳ ᠨᠢ ︽ᠡᠨᠡ ᠪᠤᠯ ᠪᠤᠷᠬᠠᠨ ᠤ ᠤᠷᠤᠨ ᠳᠤ  ᠤᠷᠤᠵᠤ  ᠪᠠᠶᠢᠭ᠎ᠠ  ᠲᠤᠯᠠ  ᠪᠤᠷᠬᠠᠨ  ᠲᠡᠭᠷᠢ  ᠮᠠᠨᠤᠰ ᠢ  ᠠᠷᠢᠭᠤᠤᠠᠬᠠᠨ‌‍ᠴᠡᠪᠡᠷᠯᠡᠵᠦ ᠪᠠᠶᠢᠨ᠎ᠠ ᠰᠢᠦ︾ ᠭᠡᠵᠦ ᠶᠠᠷᠢᠵᠠᠭᠠᠵᠦ ᠪᠠᠶᠢᠯ᠎ᠠ᠃ 13 ᠤ ᠤᠷᠤᠢ ᠯᠾᠠᠰᠠ ᠬᠤᠳ᠋ᠨ ᠳᠤ ᠬᠦᠷᠦᠭᠡᠳ ᠲᠡᠨᠳᠡ  ᠲᠦᠷᠪᠡ ᠬᠤᠨᠤᠵᠤ᠂ ᠬᠦᠬᠡᠨᠡᠭᠤᠷ᠂ ᠭᠠᠨᠰᠦ᠂ ᠨᠢᠩᠰᠢᠶᠠ᠂  ᠦᠬᠠᠢ᠂  ᠤᠷᠳᠤᠰ᠂  ᠪᠤᠭᠤᠳᠦ᠂  ᠬᠦᠬᠡᠬᠤᠳᠠ ᠶᠢ ᠲᠠᠮᠵᠢᠨ ᠭᠡᠷ ᠲᠡᠭᠡᠨ‌ᠬᠠᠷᠢᠵᠤ ᠢᠷᠡᠲᠡᠯ᠎ᠡ ᠡᠳᠤᠷ ᠲᠤ ᠪᠠᠷᠤᠭ ᠲᠤᠮᠳᠠᠴᠢ ᠪᠠᠷ ᠠᠷᠪᠠᠨ ᠬᠡᠳᠤᠨ ᠴᠠᠭ ᠮᠤᠲ᠋ᠤᠷ ᠤᠨᠤᠭᠰᠠᠨ ᠪᠠᠶᠢᠯ᠎ᠠ᠃           ᠡᠭᠦᠨ ᠳᠤ ᠵᠠᠮ ᠲᠠᠭᠠᠤ ᠪᠤᠷᠤᠭᠠᠨ ᠴᠠᠰᠤ ᠲᠠᠢ ᠡᠳᠤᠷ ᠬᠠᠷᠭᠤᠪᠠᠯ ᠶᠡᠭᠡ ᠲᠡᠷᠭᠡᠨ ᠤ ᠬᠤᠶᠢᠨ᠎ᠡ ᠠᠴᠠ ᠲᠦᠷᠭᠡᠨ ᠶᠠᠪᠤᠵᠤ ᠴᠢᠳᠠᠬᠤ  ᠦᠭᠡᠢ᠂ ᠬᠠᠵᠠᠭᠤ ᠪᠠᠷ ᠨᠢ ᠦᠩᠭᠡᠷᠡᠬᠦ ᠳᠤ ᠲᠡᠷᠭᠡᠨ ᠬᠦᠷᠳᠦᠨ ᠤ ᠰᠢᠪᠠᠷ ᠤᠰᠤ ᠨᠢ ᠨᠢᠳᠦᠨ ᠰᠢᠯ ᠳᠡᠬᠡᠷ᠎ᠠ ᠨᠢ‌‍ᠲ᠋ᠤᠰᠤᠭᠠᠳ ᠶᠠᠭᠤ ᠴᠤ ᠤᠯᠵᠤ ᠬᠠᠷᠠᠵᠤ ᠲᠡᠶᠢᠯᠬᠦ ᠦᠭᠡᠢ ᠪᠤᠯᠴᠢᠬᠠᠳᠠᠭ ᠠᠵᠢ᠃ ᠬᠠᠮᠤᠭ ᠤᠷᠤᠢ ᠳᠠᠭᠠᠨ ᠰᠦᠨᠢ ᠶᠢᠨ ᠠᠷᠪᠠᠨ ᠨᠢᠭᠡᠨ ᠴᠠᠭ ᠲᠤ ᠪᠠᠭᠤᠳᠡᠯ  ᠤᠯᠵᠦ᠂  ᠤᠭᠢᠶᠠᠵᠦ  ᠴᠡᠪᠡᠷᠯᠡᠭᠡᠳ ᠤᠨᠳᠠᠬᠤ ᠶᠢᠨ  ᠦᠶᠡᠰ  ᠨᠢᠭᠡᠨᠲᠡ  ᠰᠦᠨᠢ  ᠳᠤᠮᠳᠠ ᠦᠡᠭᠭᠡᠷᠡᠴᠢᠭᠡᠳᠡᠭ ᠪᠠᠶᠢᠪᠠ᠃          ᠮᠤᠲ᠋ᠤᠷ ᠢᠶᠠᠷ  ᠠᠶᠠᠯᠠᠵᠦ  ᠪᠠᠶᠢᠭ᠎ᠠ  ᠬᠦᠮᠦᠰ  ᠪᠦᠷ  ᠨᠢᠭᠡ  ᠭᠡᠷ ᠤᠨ  ᠬᠦᠮᠦᠨ  ᠰᠢᠭ  ᠬᠠᠷᠢᠯᠴᠠᠨ  ᠬᠠᠯᠠᠮᠵᠢᠯᠠᠵᠤ ᠬᠠᠪᠰᠤᠷᠤᠯᠴᠠᠳᠠᠭ᠃ ᠡᠭᠦᠨ ᠳᠤ ᠡᠾᠧᠨᠠᠨ ᠮᠤᠵᠢ ᠶᠢᠨ ᠨᠢᠭᠡᠨ  ᠵᠠᠯᠠᠭᠤ  ᠡᠾᠧ  ᠫᠢᠩ  ᠨᠠᠰᠤᠳᠡᠨ ᠢ  ᠲᠠᠭᠠᠭᠤᠯᠤᠨ  ᠰᠢ  ᠠᠨ‌ᠬᠤᠳᠠ ᠠᠴᠠ ᠭᠠᠷᠴᠦ᠂ 108 ᠤᠯᠤᠰ ᠤᠨ ᠵᠠᠮ ᠢᠶᠠᠷ ᠨᠠᠯᠢᠶᠡᠳ ᠬᠤᠯᠠ ᠳᠠᠭᠠᠭᠤᠯᠵᠦ ᠶᠠᠪᠤᠭᠰᠠᠨ ᠳᠤ ᠵᠠᠮ  ᠵᠠᠰᠠᠵᠤ  ᠪᠠᠶᠢᠨ᠎ᠠ‌‍ᠭᠡᠳ ᠲᠠᠬᠢᠨ 107 ᠤᠯᠤᠰ ᠤᠨ ᠵᠠᠮ ᠳᠤ ᠳᠠᠭᠠᠭᠤᠯᠤᠨ ᠬᠦᠷᠭᠡᠵᠦ ᠦᠭᠭᠦᠭᠰᠡᠨ ᠪᠠᠶᠢᠨ᠎ᠠ᠃ ᠰᠧᠴᠤᠸᠠᠨ ᠮᠤᠵᠢ ᠶᠢᠨ ᠬᠤᠶᠠᠷ ᠵᠠᠯᠠᠭᠤ ᠲᠠᠢ ᠯᠾᠠᠰᠠ ᠵᠦᠭ ᠶᠠᠪᠤᠬᠤ ᠳᠡᠷᠡ ᠤᠷᠤᠢ ᠤᠷᠤᠢ ᠪᠤᠯᠤᠭᠰᠠᠨ ᠠᠴᠠ ᠨᠠᠰᠦᠳᠡᠨ ᠢ ᠲᠤᠮᠳᠠ ᠪᠠᠨ ᠤᠷᠤᠭᠤᠯᠵᠦ ᠠᠭᠤᠯᠠᠨ‌ᠵᠠᠮ ᠢᠶᠠᠷ ᠶᠠᠪᠤᠭᠰᠠᠨ ᠬᠡᠨ᠎ᠠ᠃ ︽ᠤᠷᠤᠢ ᠪᠤᠯᠪᠠ᠂ ᠪᠢ ᠡᠨᠡ ᠠᠭᠤᠯᠠᠨ ᠵᠠᠮ ᠠᠴᠠ ᠠᠶᠤᠵᠦ ᠪᠠᠶᠢᠨ᠎ᠠ᠂ ᠲᠠ ᠤᠷᠢᠳᠠᠪᠠᠷ  ᠶᠠᠪᠤ᠂ ᠪᠢ ᠪᠠᠭᠤᠳᠡᠯ ᠤᠯᠵᠦ ᠠᠮᠠᠷᠠᠭᠠᠳ ᠮᠠᠷᠭᠠᠰᠢ ᠲᠠᠬᠢᠨ ᠲᠠᠨ ᠤ ᠠᠷᠤ ᠠᠴᠠ ᠨᠡᠭᠡᠶ᠎ᠡ︾  ᠭᠡᠬᠦ ᠳᠤ  ᠬᠤᠶᠠᠷ  ᠵᠠᠯᠠᠭᠤ᠄  ︽ᠲᠠᠷᠠᠭ᠎ᠠ‌ᠦᠷᠳᠡᠭᠡ ᠬᠦᠷᠳᠡᠯ᠎ᠠ ᠵᠦᠪᠬᠡᠨ ᠠᠷᠪᠠᠭᠠᠳ ᠺᠢᠯᠦᠮᠧᠳ᠋ᠷ ᠯᠠ ᠪᠠᠶᠢᠨ᠎ᠠ᠂ ᠲᠠ ᠪᠢᠳᠡᠨ ᠲᠠᠢ ᠴᠤᠭ  ᠶᠠᠪᠤᠴᠢᠬ᠎ᠠ᠂  ᠪᠢᠳᠡ  ᠠᠯᠭᠤᠷ ᠰᠢᠭ᠋ ᠶᠠᠪᠤᠶ᠎ᠠ︾ ᠭᠡᠳ ᠡᠾᠧ ᠫᠢᠩ ᠨᠠᠰᠤᠳᠡᠨ ᠲᠠᠢ ᠨᠢᠭᠡ ᠴᠠᠭ ᠭᠠᠷᠤᠢ ᠬᠠᠮᠳᠤ  ᠶᠠᠪᠤᠭᠰᠠᠨ  ᠪᠠᠶᠢᠵᠠᠢ᠃  ︽ᠰᠠᠶᠢᠨ  ᠰᠠᠨᠠᠭ᠎ᠠ ᠲᠠᠯ᠎ᠠ ᠶᠢ ᠲᠤᠭᠤᠷᠢᠨ᠎ᠠ︾ ᠭᠡᠳᠡᠭ ᠢᠶᠠᠷ ᠬᠤᠶᠠᠷ ᠰᠠᠶᠢᠨ ᠵᠠᠯᠠᠭᠤ ᠶᠢᠨ ᠬᠠᠪᠰᠤᠷᠤᠯᠭ᠎ᠠ ᠪᠠᠷ ᠵᠠᠮ ᠳᠤᠵᠢ ᠠᠮᠤᠷ ᠲᠦᠪᠰᠢᠨ ᠶᠠᠪᠤᠵᠦ᠂ᠲᠦᠯᠦᠪᠯᠡᠭᠰᠡᠨ ᠭᠠᠵᠠᠷ ᠲᠠᠭᠠᠨ ᠬᠦᠷᠦᠭᠰᠡᠨ ᠶᠤᠮ᠃ 17 ᠤ ᠡᠳᠤᠷ ᠨᠢ ᠡᠴᠢᠬᠡᠴᠤᠤᠯ ᠤᠨ ᠪᠠᠶᠠᠷ ᠤᠨ ᠡᠳᠤᠷ ᠪᠤᠯᠬᠤᠷ  ᠯᠾᠠᠰᠠ ᠬᠤᠳᠠ ᠳᠤ ᠬᠤᠶᠠᠷ ᠵᠠᠯᠠᠭᠤ ᠲᠡᠭᠦᠨ ᠳᠤ ᠪᠠᠶᠠᠷ ᠤᠨ ᠡᠳᠤᠷ ᠢ ᠨᠢ ᠪᠡᠯᠭᠡᠯᠡᠵᠦ ᠦᠭᠭᠦᠭᠰᠡᠨ ᠭᠡᠳᠡᠭ᠃              6 ᠰᠠᠷ᠎ᠠ ᠶᠢᠨ 30 ᠤ ᠡᠳᠤᠷ ᠠᠮᠤᠷ ᠮᠡᠨᠳᠦ ᠪᠠᠷ ᠭᠡᠷ ᠨᠤᠲᠤᠭ ᠲᠠᠭᠠᠨ ᠬᠠᠷᠢᠵᠦ ᠢᠷᠡᠭᠰᠡᠨ ᠡᠾᠧ  ᠫᠢᠩ  ᠨᠠᠰᠤᠳᠡᠨ ᠲᠤᠰ ᠤᠳᠠᠭᠠᠨ ᠤ ᠠᠶᠠᠯᠠᠯ ᠳᠤ ᠲᠠᠪᠤᠨ ᠮᠢᠩᠭ᠎ᠠ ᠭᠠᠷᠤᠢ ᠲᠦᠭᠦᠷᠢᠭ ᠵᠠᠷᠦᠴᠠᠭᠤᠯᠤᠭᠰᠠᠨ ᠪᠤᠯᠪᠠᠴᠤ ᠦᠲᠡᠯᠦᠭᠡ  ᠨᠠᠰᠤᠨ ᠳ᠋ᠠᠭᠠᠨ‌ᠦᠪᠡᠷ ᠤᠨ ᠵᠠᠯᠠᠭᠤ ᠢᠳᠡᠷ ᠨᠠᠰᠤᠨ ᠤ ᠬᠦᠰᠡᠯ ᠵᠡᠭᠦᠳᠦ ᠪᠠᠨ ᠪᠡᠶᠡᠯᠡᠭᠦᠯᠦᠭᠰᠡᠨ ᠳᠡᠭᠡᠨ ᠤᠮᠤᠭᠰᠢᠨ  ᠪᠠᠶᠠᠷᠯᠠᠵᠦ  ᠰᠠᠭᠤᠨ᠎ᠠ᠃ ︽ᠲᠠᠮᠤᠷ ᠬᠦᠯᠦᠭ︾ ᠢᠶᠠᠷ ᠲᠦᠪᠡᠳ ᠤᠨ ᠦᠨᠳᠦᠷᠯᠢᠭ ᠢᠶᠠᠷ ᠲᠤᠭᠤᠷᠢᠵᠤ ᠢᠷᠡᠭᠰᠡᠨ ᠾᠧ ᠫᠢᠩ ᠨᠠᠰᠤᠲᠠᠨ ᠦᠨᠡᠭᠡᠷ  ᠮᠤᠩᠭᠤᠯ‌ᠡᠷᠡᠴᠤᠳ ᠤᠨ ᠳᠡᠩᠬᠡᠬᠡ ᠶᠢ ᠦᠵᠡᠬᠦᠯᠵᠦ᠂ ᠮᠤᠷᠢᠳᠡᠨ ᠮᠤᠩᠭᠤᠯ ᠤᠨ ᠰᠢᠨᠳᠡᠰᠦ ᠶᠢ ᠭᠠᠶᠢᠬᠠᠭᠤᠯᠵᠠᠢ᠃ 
ᠢᠷᠡᠯᠲᠡ᠄ ᠠᠷᠠᠳ ᠤᠨ ᠰᠥᠯᠵᠢᠶ᠎ᠡ