ᠡᠪᠦᠯ ᠠᠶᠢᠰᠤᠢ
ᠨᠡᠶᠢᠲᠡᠯᠡᠭᠰᠡᠨ ᠴᠠᠭ᠄
2023/2/8
   72154887_1515455386740.jpg
        ᠮᠤᠳᠤᠨ ᠤ ᠨᠠᠪᠴᠢᠰ ᠭᠠᠵᠠᠷ ᠢ ᠦᠨᠦᠰᠬᠦ ᠳᠤ ᠤᠷᠭᠤᠮᠠᠯ ᠤᠨ ᠴᠡᠴᠡᠭᠡᠰ ᠨᠢ ᠠᠯᠠᠭ᠎ᠠ ᠪᠠᠨ ᠳᠡᠯᠭᠡᠵᠦ        ᠮᠦᠩᠭᠦᠨ ᠬᠢᠷᠠᠭᠤ ᠤᠯᠠᠷᠢᠯ ᠢ ᠮᠡᠳᠡᠭᠡᠯᠡᠬᠦ ᠳᠤ ᠪᠤᠯᠵᠤᠮᠤᠷ ᠰᠢᠪᠠᠭᠤᠳ ᠨᠢ ᠵᠦᠢᠯ ᠢᠶᠠᠷ ᠱᠤᠯᠤᠭᠤᠨᠠᠵᠤ        ᠮᠡᠳᠡᠬᠦ ᠦᠯᠦ ᠮᠡᠳᠡᠬᠦ ᠶᠢᠨ ᠵᠠᠪᠰᠠᠷ ᠡᠪᠦᠯ ᠤᠨ ᠦᠩᠭᠡ ᠬᠡᠳᠦᠶᠢᠨ ᠠᠬᠤᠢ ᠪᠠᠶᠢᠭᠠᠯᠢ ᠶᠢ ᠵᠢᠷᠤᠭᠯᠠᠵᠤ         ᠮᠠᠨᠠᠨ ᠬᠦᠪᠪᠦᠯᠵᠡᠨ ᠭᠡᠨᠡᠳᠲᠡ ᠪᠠᠷ ᠪᠣᠷᠤᠭᠠᠯᠠᠬᠤ ᠬᠠᠴᠢᠨ ᠬᠤᠪᠢᠷᠠᠯ ᠢ ᠳᠦᠷᠭᠢᠯᠳᠦᠨ ᠭᠠᠶᠢᠬᠠᠯᠳᠤᠨᠠᠮ        ᠰᠢᠪᠡᠷᠡᠬᠦ ᠪᠣᠷᠤᠭᠠᠨ ᠨᠠᠮᠤᠷᠵᠢᠨ ᠦᠷᠭᠦᠯᠵᠢᠯᠡᠨ ᠡᠪᠡᠰᠦ ᠲᠠᠷᠢᠶᠠᠨ ᠤ ᠠᠵᠢᠯ ᠬᠡᠪ ᠢᠶᠠᠨ ᠠᠯᠳᠠᠬᠤ ᠳᠤ        ᠰᠡᠯᠪᠢᠵᠦ ᠪᠠᠬᠢᠯᠡᠬᠦ ᠡᠪᠦᠯᠵᠢᠶ᠎ᠡ ᠶᠢᠨ ᠪᠠᠭᠤᠴᠠ ᠳᠤ ᠡᠪᠦᠭᠡᠳ ᠬᠦᠭᠰᠢᠳ ᠡᠳᠦᠷᠵᠢᠨ ᠮᠤᠩᠭᠢᠨᠠᠯᠳᠤᠵᠤ        ᠰᠠᠭᠠᠯᠢ ᠰᠦ ᠪᠠᠨ ᠬᠤᠷᠢᠶᠠᠬᠤ ᠦᠬᠢᠳ ᠪᠡᠷᠢᠶᠡᠳ ᠠᠷᠭᠠᠯ ᠴᠦᠪᠦᠳᠡᠯ ᠭᠡᠳ ᠰᠠᠨᠠᠭ᠎ᠠ ᠪᠣᠯᠬᠤ ᠳᠤ        ᠰᠠᠯᠬᠢᠯᠠᠵᠤ ᠬᠦᠢᠲᠡᠷᠡᠬᠦ ᠴᠠᠭ ᠠᠭᠠᠷ ᠤᠨ ᠪᠠᠴᠢᠮ ᠴᠢᠮᠡᠭᠡ ᠶᠢ ᠷᠠᠳᠢᠤ᠋ ᠲᠧᠯᠸᠢᠰ ᠶᠠᠭᠠᠷᠠᠤ ᠰᠠᠴᠤᠨᠠᠮ         ᠡᠭᠡᠭᠡ ᠠᠳᠠᠯᠢ ᠪᠤᠭᠤᠵᠢ ᠲᠠᠢ ᠬᠦᠬᠡ ᠡᠪᠡᠰᠦ ᠲᠦᠷᠦᠭᠦᠦ ᠵᠢᠯ ᠠᠴᠠ ᠳᠠᠬᠢᠨ ᠬᠦᠨᠳᠦ ᠪᠣᠯᠤᠯ᠎ᠠ ᠭᠡᠵᠦ          ᠡᠷᠲᠡᠯᠡᠨ ᠪᠣᠰᠤᠭᠰᠠᠨ ᠢᠳᠡᠷ ᠡᠷ᠎ᠡ ᠬᠠᠳᠤᠯᠠᠩ ᠳᠤ ᠰᠢᠪᠠᠷᠲᠠᠭᠰᠠᠨ ᠲᠡᠷᠭᠡ ᠪᠠᠨ ᠲᠠᠲᠠᠭᠤᠯᠬᠤ ᠳᠤ          ᠡᠪᠦᠯᠵᠢᠶ᠎ᠡ ᠵᠦᠭ ᠪᠣᠷᠳᠤᠭ᠎ᠠ ᠵᠦᠭᠡᠭᠡᠬᠦ ᠠᠶᠢᠯ ᠤᠨ ᠵᠠᠯᠠᠭᠤᠰ ᠲᠠᠷᠢᠶᠠᠨ ᠵᠤᠷᠬ᠎ᠠ ᠪᠠᠷ ᠦᠢᠮᠡᠯᠳᠦᠵᠦ         ᠠᠲᠡᠭᠡ ᠲᠡᠨᠲᠡᠭᠡ ᠠᠴᠠ ᠲᠡᠷᠭᠡ ᠬᠦᠰᠭᠡ ᠶᠢ ᠳᠠᠭᠤᠳᠠᠨ ᠦᠶᠡᠷ ᠭᠠᠲᠤᠯᠬᠤ ᠪᠠᠷ ᠬᠦᠴᠦ ᠰᠢᠪᠬᠠᠨᠠᠮ        ᠨᠠᠮᠤᠷ ᠤᠨ ᠠᠵᠢᠯ ᠢᠶᠠᠨ ᠠᠷᠠᠢ ᠭᠡᠵᠦ ᠰᠡᠭᠦᠯ ᠰᠢᠪᠲᠤᠷᠬᠤ ᠳᠤ ᠨᠠᠷᠢᠨ ᠪᠣᠷᠤᠭᠠᠨ ᠠᠬᠢᠭᠠᠳ ᠵᠦᠰᠡᠷᠡᠵᠦ         ᠨᠡᠲᠦᠶᠢᠬᠦ ᠡᠭᠦᠯᠡ ᠬᠤᠷᠤᠮᠠᠬᠠᠨ ᠵᠠᠭᠤᠷ᠎ᠠ ᠡᠪᠬᠡᠷᠡᠯᠳᠦᠨ ᠬᠤᠶᠢᠯᠠᠷᠠᠭᠠᠳ ᠴᠠᠰᠤ ᠪᠤᠷᠤᠭᠠᠨ ᠬᠤᠳᠬᠤᠯᠳᠤᠵᠤ          ᠨᠡᠮᠨᠡᠭᠡ ᠳᠠᠪᠬᠤᠴᠠᠭ᠎ᠠ ᠶᠢ ᠨᠢ ᠵᠤᠵᠠᠭᠠᠯᠠᠨ ᠬᠡᠳᠦᠨ ᠶᠠᠳᠠᠷ ᠢᠶᠠᠨ ᠬᠠᠰᠢᠶ᠎ᠠ ᠲᠦᠬᠦᠭᠦᠯᠦᠨ ᠵᠠᠪ ᠶᠠᠳᠠᠬᠤ ᠳᠤ          ᠨᠦᠭᠡᠴᠡᠯᠡᠬᠦ ᠶᠤᠰᠤᠲᠡᠢ ᠠᠮᠤ ᠬᠦᠨᠡᠰᠦ ᠨᠣᠭᠤᠭ᠎ᠠ ᠳᠠᠪᠤᠰᠤ ᠶᠢ ᠪᠠᠨ ᠢᠯᠡᠭᠦᠬᠡᠨ ᠠᠪᠬᠤ ᠶᠢ ᠱᠠᠭᠠᠷᠳᠠᠨᠠᠮ         ᠲᠦᠯᠡᠰᠢ ᠨᠡᠭᠦᠷᠡᠰᠦ ᠶᠢᠨ ᠦᠨ᠎ᠡ ᠬᠠᠩᠰᠢ ᠲᠡᠭᠷᠢ ᠳᠤ ᠲᠤᠯᠤᠯ᠎ᠠ ᠭᠡᠵᠦ ᠬᠤᠲᠠ ᠬᠦᠳᠡᠭᠡ ᠳᠦᠷᠭᠢᠯᠳᠦᠵᠦ        ᠲᠡᠳᠬᠦᠪᠦᠷᠢ ᠨᠦᠬᠦᠪᠦᠷᠢ ᠶᠢᠨ ᠴᠢᠮᠡᠭᠡ ᠳᠤᠭᠤᠯᠳᠠᠨ ᠮᠠᠯᠴᠢᠨ ᠲᠠᠷᠢᠶᠠᠴᠢᠳ ᠨᠠᠭᠠᠰᠢ ᠴᠠᠭᠠᠰᠢ ᠪᠤᠷᠭᠢᠯᠳᠤᠵᠤ         ᠲᠠᠷᠢᠯᠭ᠎ᠠ ᠰᠡᠷᠭᠡᠶᠢᠯᠡᠯᠲᠡ ᠲᠦᠷᠭᠡᠨ ᠭᠤᠪᠢᠭᠤᠯᠤᠯᠭ᠎ᠠ ᠶᠢᠨ ᠤᠴᠢᠷ ᠲᠤ ᠵᠠᠮ ᠱᠤᠭᠤᠮ ᠤᠳ ᠢ ᠴᠢᠩᠳᠠᠯᠠᠵᠤ          ᠳᠠᠮ ᠤᠨ ᠮᠠᠶᠢᠮᠠᠶᠢᠴᠢᠨ ᠶᠠᠪᠤᠭᠤᠯ ᠬᠤᠳᠠᠯᠳᠤᠭᠠᠴᠢᠨ ᠵᠠᠪᠰᠠᠷ ᠤᠨ ᠡᠲᠡᠭᠡᠳ ᠰᠠᠭᠤᠳᠠᠯ ᠠᠯᠳᠠᠨ ᠭᠦᠶᠦᠯᠳᠦᠨᠡᠮ          ᠦᠤᠷ ᠢᠶᠠᠷ ᠪᠤᠰᠬᠤ ᠳᠤ ᠪᠣᠷᠤᠭᠠᠨ ᠱᠠᠭᠢᠨ ᠬᠦᠢᠲᠡᠨ ᠠᠮᠢᠰᠬᠤᠯ ᠴᠢᠭᠢᠭ ᠤᠨ ᠦᠨᠦᠷ ᠬᠠᠮᠠᠷ ᠴᠤᠷᠭᠢᠵᠤ            ᠦᠳᠡ ᠣᠶᠢᠷᠠᠳᠬᠤ ᠳᠤ ᠴᠠᠰᠤ ᠯᠠᠪᠰᠠᠯᠠᠨ ᠤᠰᠤ ᠮᠦᠰᠦ ᠰᠢᠪᠠᠷ ᠰᠢᠷᠤᠢ ᠵᠢᠭᠤᠷᠠᠯᠳᠤᠨ ᠭᠤᠯᠴᠢᠭᠢᠨᠠᠵᠤ           ᠦᠵᠡᠵᠦ ᠰᠣᠨᠢᠷᠬᠠᠬᠤ ᠶᠢᠨ ᠵᠠᠪ ᠦᠭᠡᠢ ᠦᠭᠡᠷ᠎ᠡ ᠨᠢᠭᠡᠨ ᠶᠢᠷᠲᠢᠨᠴᠦ ᠬᠠᠷᠠᠭᠠᠨ ᠤ ᠡᠮᠦᠨ᠎ᠡ ᠳᠡᠯᠭᠡᠭᠳᠡᠵᠦ            ᠣᠯᠠᠭᠠᠨ ᠰᠢᠷᠠᠪᠲᠤᠷ ᠬᠦᠬᠡ ᠦᠩᠭᠡ ᠶᠢᠨ ᠰᠡᠷᠡᠮᠵᠢ ᠶᠢᠨ ᠳᠤᠬᠢᠶ᠎ᠠ ᠡᠪᠦᠯ ᠤᠨ ᠰᠤᠯᠤᠩᠭ᠎ᠠ ᠮᠢᠷᠠᠯᠵᠠᠨᠠᠮ         ᠡᠨᠡ ᠵᠢᠯ ᠤᠨ ᠦᠩᠭᠡ ᠬᠤᠪᠤᠷᠬᠠᠨ ᠤᠴᠠᠷᠠᠯ ᠭᠡᠵᠦ ᠤᠲᠤᠷ ᠤᠨ ᠮᠠᠯᠴᠢᠳ ᠲᠤᠯᠤᠭᠠᠢ ᠰᠠᠵᠢᠬᠤ ᠳᠤ          ᠡᠯᠳᠡᠪ ᠡᠰᠡᠨ ᠤ ᠴᠢᠮᠡᠭᠡ ᠰᠤᠷᠠᠭ ᠢᠶᠠᠷ ᠪᠠᠶᠢᠨ ᠪᠠᠶᠢᠨ ᠬᠦᠯ ᠢ ᠬᠤᠷᠢᠶᠠᠨ ᠭᠡᠷ ᠤᠨ ᠮᠣᠬᠤᠷ ᠰᠠᠬᠢᠵᠤ             ᠡᠭᠦᠳᠡᠨ ᠠᠴᠠ ᠪᠠᠨ ᠬᠤᠯᠠᠳᠬᠤ ᠴᠢᠯᠦᠭᠡ ᠦᠭᠡᠢ ᠦᠷᠯᠦᠭᠡ ᠦᠳᠡᠰᠢ ᠶᠢᠨ ᠬᠤᠭᠤᠷᠤᠨᠳᠤ ᠭᠦᠶᠦᠬᠦ ᠳᠤ            ᠡᠪᠦᠯ ᠤᠨ ᠠᠭᠤᠷ ᠬᠡᠨ ᠢ ᠴᠤ ᠬᠦᠯᠢᠶᠡᠯ ᠦᠭᠡᠢ ᠡᠭᠦᠳᠡᠨ ᠳᠤ ᠰᠠᠭᠠᠲᠠᠨ ᠡᠳᠦᠷ ᠲᠤᠭᠠᠯᠠᠯ ᠢ ᠳᠡᠯᠭᠡᠨᠡᠮ᠃                       ᠡᠪᠦᠯ ᠤᠨ ᠦᠷᠯᠦᠭᠡ                ᠬᠢᠬᠤᠨᠠᠬᠤ ᠬᠦᠢᠲᠡᠨ ᠳᠤ ᠡᠭᠦᠳᠡ ᠵᠢᠵᠢᠭᠢᠨᠡᠵᠦ ᠬᠠᠲᠠᠭᠰᠠᠨ ᠴᠦᠪᠦᠳᠡᠯ ᠲᠤᠯᠭ᠎ᠠ ᠳᠤ ᠫᠠᠴᠢᠭᠢᠨᠠᠨ᠎ᠠ            ᠬᠤᠶᠢᠮᠤᠷ ᠵᠠᠪᠢᠯᠤᠭᠰᠠᠨ ᠨᠠᠰᠤᠲᠠᠨ ᠲᠤᠰᠤ ᠡᠷᠭᠦᠵᠦ ᠬᠠᠮᠤᠭ ᠪᠦᠬᠦᠨ ᠳᠤ ᠢᠯᠴᠢ ᠳᠠᠯᠠᠯᠤᠨ᠎ᠠ             ᠰᠦ ᠲᠠᠢ ᠴᠠᠢ ᠲᠤᠭᠤᠭᠠᠨ ᠳᠤ ᠢᠳᠡᠭᠡᠰᠢᠵᠦ ᠰᠢᠨᠠᠭ᠎ᠠ ᠵᠠᠭᠤᠭᠰᠠᠨ ᠡᠮᠡᠭᠡᠨ ᠭᠠᠷ ᠷᠠᠰᠢᠶᠠᠯᠠᠨ᠎ᠠ            ᠰᠠᠭᠠᠯᠢ ᠶᠢᠨ ᠦᠨᠦᠷ ᠦᠷᠦᠭᠡᠨ ᠳᠤ ᠬᠠᠩᠬᠤᠯᠵᠤ ᠰᠠᠭᠰᠤ ᠲᠠᠢ ᠬᠤᠷᠤᠳ ᠬᠠᠨ᠎ᠠ ᠲᠤᠰᠤᠳᠠᠨ᠎ᠠ          ᠲᠤᠷᠮᠤᠶᠢᠭᠰᠠᠨ ᠵᠢᠭᠠᠯ ᠬᠠᠴᠠᠷ ᠤᠯᠪᠠᠯᠵᠠᠭᠤᠯᠵᠤ ᠲᠤᠮᠤ ᠬᠦᠮᠦᠨ ᠠᠴᠠ ᠠᠳᠢᠰ ᠬᠦᠷᠲᠡᠨ᠎ᠡ            ᠲᠤᠭᠤᠯ ᠬᠠᠷᠢᠭᠤᠯᠤᠭᠰᠠᠨ ᠬᠡᠰᠢᠭ ᠭᠡᠵᠦ ᠲᠤᠰᠤ ᠬᠤᠷᠤᠳ ᠦᠷᠦᠮ᠎ᠡ ᠳᠤ ᠱᠠᠩᠳᠠᠭᠤᠷᠠᠨ᠎ᠠ           ᠡᠪᠦᠯ ᠤᠨ ᠴᠠᠭ ᠲᠡᠪᠴᠢᠶᠡᠷᠢ ᠬᠡᠷᠡᠭ ᠲᠠᠢ ᠭᠡᠵᠦ ᠡᠪᠦᠭᠡᠨ ᠡᠮᠡᠭᠡᠨ ᠬᠡᠤᠬᠡᠳ ᠲᠤ ᠰᠠᠨᠠᠭᠤᠯᠤᠨ᠎ᠠ             ᠢᠷᠡᠬᠦ ᠵᠤᠨ ᠰᠦ ᠰᠠᠭᠠᠯᠢ ᠠᠪᠲᠠᠯ᠎ᠠ ᠪᠠᠨ ᠢᠳᠡ ᠬᠦᠴᠦ ᠪᠠᠨ ᠨᠦᠭᠡᠴᠡᠯᠡᠬᠦ ᠶᠢ ᠰᠤᠷᠭᠠᠨ᠎ᠠ           ᠬᠠᠬᠢᠷ ᠡᠪᠦᠯ ᠲᠠᠢ ᠰᠢᠨᠳᠠᠰᠤ ᠰᠢᠯᠭᠠᠵᠤ ᠬᠠᠲᠠᠭᠤ ᠴᠠᠭ ᠤᠨ ᠵᠤᠷᠢᠭ ᠳᠠᠪᠲᠠᠨ᠎ᠠ             ᠬᠠᠪᠤᠷ ᠢ ᠤᠭᠲᠤᠨ ᠤᠨ ᠢ ᠦᠳᠡᠬᠦ ᠬᠠᠰᠢᠷ ᠮᠠᠯᠴᠢᠳ ᠵᠤᠳ ᠲᠠᠢ ᠲᠡᠮᠡᠴᠡᠨ᠎ᠡ᠃                             ᠡᠪᠦᠯ ᠤᠨ ᠦᠳᠡᠰᠢ          ᠠᠭᠤᠯᠠᠰ ᠤᠨ ᠴᠠᠭᠠᠨ᠎ᠠ ᠨᠠᠷᠠ ᠵᠢᠷᠭᠠᠵᠤ ᠨᠤᠲᠤᠭ ᠤᠨ ᠪᠠᠷ᠎ᠠ ᠠᠯᠭᠤᠷ ᠠᠯᠤᠰᠬᠠᠨ ᠰᠦᠮᠡᠯᠵᠡᠨ᠎ᠡ           ᠠᠶᠢᠯ ᠡᠷᠦᠬᠡ ᠠᠴᠠ ᠤᠲᠤᠭ᠎ᠠ ᠰᠣᠭᠤᠨᠠᠭᠯᠠᠵᠤ ᠠᠷᠭᠠᠯ ᠬᠤᠷᠮᠤᠶᠢᠯᠠᠭᠰᠠᠨ ᠡᠮᠡᠭᠡᠨ ᠰᠠᠷᠠᠪᠴᠢᠯᠠᠨ᠎ᠠ            ᠡᠪᠦᠯᠵᠢᠶ᠎ᠡ ᠪᠠᠨ ᠵᠦᠭᠯᠡᠭᠰᠡᠨ ᠦᠬᠡᠷ ᠬᠤᠨᠢᠨ ᠰᠦᠷᠦᠭ ᠡᠩᠭᠡᠷ ᠤᠨ ᠴᠣᠪᠣᠭ᠎ᠠ ᠪᠠᠷ ᠬᠡᠩᠬᠦᠯᠵᠡᠨ᠎ᠡ           ᠤᠷᠭ᠎ᠠ ᠪᠠᠨ ᠲᠤᠬᠤᠶᠢᠯᠠᠭᠰᠠᠨ ᠮᠠᠯᠴᠢᠨ ᠬᠦᠮᠦᠨ ᠤᠯᠠᠷᠢᠯ ᠲᠠᠭᠤᠵᠤ ᠠᠮᠢᠳᠤᠷᠠᠯ ᠢᠶᠠᠨ ᠡᠷᠭᠦᠨ᠎ᠡ              ᠬᠤᠲᠠᠯᠠᠭᠰᠠᠨ ᠰᠦᠷᠦᠭ ᠮᠠᠨᠢ ᠲᠠᠪᠠᠲᠠᠶᠢᠬᠠᠨ ᠬᠡᠪᠢᠵᠦ ᠬᠤᠷ ᠦᠬᠡᠷ ᠤᠳ ᠡᠪᠡᠷ ᠰᠡᠷᠡᠶᠢᠯᠭᠡᠨ᠎ᠡ            ᠬᠤᠷᠠᠭ᠎ᠠ ᠲᠤᠭᠤᠯ ᠨᠦᠮᠦᠷᠢ ᠳᠡᠷᠡᠯᠡᠵᠦ ᠬᠤᠴᠠ ᠤᠬᠤᠨ᠎ᠠ ᠣᠮᠤᠭ ᠪᠠᠳᠠᠷᠠᠨ ᠬᠠᠭᠠᠪᠴᠢ ᠰᠠᠬᠢᠨ᠎ᠠ           ᠠᠳᠤᠭᠤᠨ ᠰᠦᠷᠦᠭ ᠪᠡᠯᠴᠢᠭᠡᠷ ᠢᠶᠠᠨ ᠬᠠᠶᠢᠵᠤ ᠠᠷᠤ ᠶᠢᠨ ᠬᠦᠨᠳᠡᠢ ᠪᠠᠷ ᠲᠠᠶᠢᠪᠤᠭᠤᠨ ᠨᠦᠷᠭᠢᠨ᠎ᠡ          ᠠᠮᠢᠲᠠᠨ ᠵᠢᠭᠦᠷᠲᠡᠨ ᠵᠤᠭ᠎ᠠ ᠵᠢᠷᠭᠢᠯᠳᠦᠨ ᠠᠲᠠᠷ ᠬᠡᠭᠡᠷ᠎ᠡ ᠠᠮᠤᠭᠤᠯᠠᠩ ᠲᠠᠭᠠᠲᠠᠶᠢᠬᠠᠨ ᠤᠷᠴᠢᠨ᠎ᠠ        ᠦᠯᠢᠭᠡᠷ ᠬᠦᠤᠷᠨᠢᠬᠦ ᠡᠪᠦᠭᠡᠳ ᠤᠨ ᠴᠢᠷᠠᠢ ᠳᠤ ᠦᠴᠦᠭᠡᠳᠦᠷ ᠦᠨᠦᠳᠦᠷ ᠤᠨ ᠲᠡᠤᠬᠡ ᠳᠡᠯᠭᠡᠭᠳᠡᠨ᠎ᠡ          ᠦᠨᠢᠷ ᠠᠮᠢᠳᠤᠷᠠᠯ ᠤᠨ ᠲᠤᠯᠭ᠎ᠠ ᠪᠠᠨ ᠳᠦᠷᠡᠯᠵᠡᠭᠦᠯᠬᠦ ᠦᠷ᠎ᠡ ᠬᠡᠤᠬᠡᠳ ᠲᠤ ᠮᠠᠷᠭᠠᠰᠢ ᠶᠢ ᠵᠢᠭᠠᠨ᠎ᠠ᠃                     ᠡᠪᠦᠯ ᠤᠨ ᠴᠠᠰᠤ               ᠬᠠᠬᠢᠷ ᠬᠦᠢᠲᠡᠨ ᠵᠢᠬᠡᠭᠦᠨ ᠵᠢᠪᠡᠷ ᠬᠠᠴᠠᠷ ᠢ ᠵᠦᠰᠦᠵᠦ ᠬᠠᠤᠭᠢᠬᠤ ᠰᠠᠯᠬᠢᠨ ᠳᠤ ᠴᠠᠰᠤ ᠪᠤᠷᠠᠨ᠎ᠠ          ᠬᠠᠷᠠᠭᠠᠨ ᠤ ᠦᠵᠦᠭᠦᠷ ᠰᠢᠭᠤᠷᠭ᠎ᠠ ᠳᠤᠭᠰᠢᠷᠠᠵᠤ ᠬᠠᠮᠤᠭ ᠠᠮᠢᠲᠠᠨ ᠨᠦᠮᠦᠷᠢ ᠬᠤᠷᠭᠤᠳᠠᠨ᠎ᠠ              ᠲᠠᠬᠤ ᠬᠡᠲᠦᠷᠡᠭᠰᠡᠨ ᠠᠳᠤᠭᠤᠴᠢᠨ ᠭᠤᠸᠠᠢ ᠳᠠᠪᠠᠭ᠎ᠠ ᠶᠢᠨ ᠠᠷᠤ ᠳᠤ ᠳᠦᠷᠦᠭᠡ ᠦᠨᠳᠡᠶᠢᠨ᠎ᠡ            ᠳᠡᠪᠡᠯ ᠡᠮᠦᠰᠦᠭᠰᠡᠨ ᠬᠤᠨᠢᠴᠢᠨ ᠡᠪᠦᠭᠡᠨ ᠳᠡᠷᠡᠰᠦᠲᠦ ᠶᠢᠨ ᠬᠦᠨᠳᠡᠢ ᠳᠤ ᠰᠦᠷᠦᠭ ᠬᠤᠮᠢᠨ᠎ᠠ            ᠬᠡᠪᠲᠡᠷᠢ ᠬᠠᠭᠤᠷᠠᠶᠢᠯᠠᠭᠰᠠᠨ ᠪᠤᠭᠤᠷᠤᠯ ᠡᠵᠢ ᠬᠡᠷᠡᠮ ᠤᠨ ᠴᠠᠰᠤ ᠶᠢ ᠡᠭᠦᠷᠴᠦ ᠶᠠᠭᠠᠷᠠᠨ᠎ᠠ            ᠬᠦᠷᠵᠡᠩ ᠳᠡᠪᠢᠰᠬᠦ ᠵᠠᠯᠠᠭᠤ ᠪᠦᠰᠡᠭᠦᠢ ᠬᠦᠯᠦᠰᠦ ᠤᠷᠤᠰᠬᠠᠨ ᠱᠠᠯᠠᠮᠠᠭᠠᠢ ᠪᠤᠰᠢᠭᠤᠯᠠᠨ᠎ᠠ            ᠤᠲᠤᠷ ᠤᠨ ᠵᠠᠮ ᠢᠶᠠᠷ ᠬᠦᠰᠭᠡ ᠬᠦᠲᠦᠯᠵᠦ ᠶᠠᠳᠠᠷ ᠰᠦᠷᠦᠭ ᠲᠤ ᠬᠦᠨᠡᠰᠦ ᠬᠦᠷᠭᠡᠨ᠎ᠡ          ᠤᠴᠠᠷᠠᠭᠰᠠᠨ ᠬᠤᠶᠠᠷ ᠬᠡᠯᠡᠯᠡᠴᠡᠬᠦ ᠵᠠᠪ ᠦᠭᠡᠢ ᠤᠷᠲᠤ ᠬᠤᠶᠢᠲᠦ ᠪᠠᠭᠤᠴᠠ ᠶᠢ ᠴᠢᠭᠯᠡᠨ᠎ᠡ              ᠴᠠᠰᠤ ᠲᠠᠢ ᠡᠪᠦᠯ ᠤᠨ ᠬᠦᠳᠡᠭᠡ ᠴᠠᠩᠳᠤᠭᠰᠠᠨ ᠲᠠᠯ᠎ᠠ ᠲᠠᠢ ᠪᠠᠨ ᠬᠠᠬᠢᠷᠤᠨ᠎ᠠ             ᠴᠢᠳᠠᠯ ᠰᠢᠯᠭᠠᠬᠤ ᠤᠳᠤᠮᠲᠤ ᠬᠦᠮᠦᠰ ᠤᠵᠠᠭᠤᠷ ᠲᠡᠤᠬᠡ ᠶᠢᠨ ᠬᠦᠢ ᠵᠠᠯᠭᠠᠨ᠎ᠠ᠃      
ᠢᠷᠡᠯᠲᠡ᠄ ᠠᠷᠤ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ