ᠲᠡᠷᠡ ᠦᠶ᠎ᠡ ᠳᠤ ᠲᠡᠶᠢᠮᠦ ᠰᠠᠶᠢᠬᠠᠨ ᠪᠠᠶᠢᠭᠰᠠᠨ
ᠨᠡᠶᠢᠲᠡᠯᠡᠭᠰᠡᠨ ᠴᠠᠭ᠄
2023/2/3
                                                        ● ᠲᠡᠮᠦᠷᠪᠠᠭᠠᠨ᠎ᠠ         ᠬᠡᠣᠭᠡᠳ ᠢᠯᠭᠠᠯ ᠦᠭᠡᠢ ᠰᠤᠷᠭᠠᠵᠦ ᠠᠭᠤᠷᠯᠠᠲᠠᠭ ᠠᠬᠠᠮᠠᠳ ᠤᠨ ᠵᠠᠩ ᠨᠢ ᠰᠠᠶᠢᠬᠠᠨ ᠪᠠᠶᠢᠭᠰᠠᠨ          ᠬᠡᠨ ᠢ ᠴᠤ ᠬᠠᠮᠵᠢᠵᠦ ᠬᠠᠯᠠᠮᠵᠢᠯᠠᠲᠠᠭ ᠰᠠᠭᠠᠬᠠᠯᠲᠠ ᠶᠢᠨ ᠠᠭᠠᠯᠢ ᠨᠢ ᠰᠠᠶᠢᠬᠠᠨ ᠪᠠᠶᠢᠭᠰᠠᠨ            ᠬᠡᠵᠢᠶ᠎ᠡ ᠠᠭᠤᠯᠵᠠᠪᠠᠴᠤ ᠠᠮᠤᠷ ᠠᠰᠠᠭᠤᠲᠠᠭ ᠵᠠᠯᠠᠭᠤᠰ ᠤᠨ ᠮᠤᠷᠠᠯ ᠨᠢ ᠰᠠᠶᠢᠬᠠᠨ ᠪᠠᠶᠢᠭᠰᠠᠨ            ᠬᠡᠯᠡ ᠠᠮᠠ ᠲᠤᠲᠠᠭᠤ ᠪᠠᠶᠢᠲᠠᠭ ᠠᠶᠢᠯ ᠤᠨ ᠰᠤᠷᠲᠠᠯ ᠨᠢ ᠰᠠᠶᠢᠬᠠᠨ ᠪᠠᠶᠢᠭᠰᠠᠨ    
tongniantongqushouhuichahua-30750848_1.jpg 
        ᠬᠡᠲᠦᠬᠡᠨ ᠨᠦᠭᠡᠰᠢ ᠪᠠᠨ ᠲᠡᠮᠲᠡᠷᠢᠭᠡᠳ ᠵᠤᠴᠢᠨ ᠢᠶᠠᠨ ᠬᠦᠨᠲᠦᠯᠡᠬᠦ ᠨᠢ ᠰᠠᠶᠢᠬᠠᠨ ᠪᠠᠶᠢᠭᠰᠠᠨ           ᠬᠡᠵᠢᠶ᠎ᠡ ᠲᠡᠬᠢᠭᠠᠳ ᠢᠷᠡᠨ᠎ᠡ ᠤᠤ ᠭᠡᠵᠦ ᠵᠦᠡᠭᠨᠡᠯ ᠲᠠᠢ ᠮᠤᠷᠲᠠᠭᠤᠯᠬᠤ ᠨᠢ ᠰᠠᠶᠢᠬᠠᠨ ᠪᠠᠶᠢᠭᠰᠠᠨ             ᠵᠡᠭᠦᠨ ᠪᠠᠷᠠᠭᠤᠨ ᠠᠶᠢᠯ ᠢᠶᠠᠨ ᠵᠠᠯᠠᠵᠦ ᠱᠦᠯᠦ ᠤᠤᠭᠤᠯᠭᠠᠬᠤ ᠨᠢ ᠰᠠᠶᠢᠬᠠᠨ ᠪᠠᠶᠢᠭᠰᠠᠨ             ᠵᠢᠷᠦᠬᠡ ᠠᠭᠤᠰᠬᠢ ᠬᠠᠪᠢᠷᠭ᠎ᠠ ᠭᠡᠵᠦ ᠬᠤᠪᠢ ᠲᠦᠭᠡᠭᠡᠬᠦ ᠨᠢ ᠰᠠᠶᠢᠬᠠᠨ ᠪᠠᠶᠢᠭᠰᠠᠨ                ᠢᠲᠡᠭᠰᠡᠨ ᠠᠶᠠᠭ᠎ᠠ ᠪᠠᠨ ᠲᠤᠯᠢᠶᠡ ᠭᠡᠬᠦ ᠤᠴᠢᠷ ᠲᠠᠢ ᠰᠤᠷᠭᠠᠯ ᠨᠢ ᠰᠠᠶᠢᠬᠠᠨ ᠪᠠᠶᠢᠭᠰᠠᠨ            ᠢᠰᠢᠭᠡ ᠬᠤᠷᠠᠭ᠎ᠠ ᠬᠠᠷᠠ ᠯᠡ ᠭᠡᠬᠦ ᠠᠵᠢᠯᠯᠠᠭᠤᠯᠬᠤ ᠵᠡᠬᠢᠶ᠎ᠠ ᠨᠢ ᠰᠠᠶᠢᠬᠠᠨ ᠪᠠᠶᠢᠭᠰᠠᠨ           ᠢᠷ ᠲᠠᠢ ᠪᠠᠭᠠᠵᠢ ᠶᠢ ᠬᠦᠮᠦᠨ ᠳᠤ ᠬᠠᠨᠲᠤᠭᠤᠯᠬᠤ ᠦᠭᠡᠢ ᠴᠡᠭᠡᠷ ᠬᠤᠷᠢᠭ᠎ᠠ ᠨᠢ ᠰᠠᠶᠢᠬᠠᠨ ᠪᠠᠶᠢᠭᠰᠠᠨ              ᠢᠮ ᠲᠠᠮᠠᠭ᠎ᠠ ᠪᠠᠷ ᠮᠠᠯ ᠢᠶᠠᠨ ᠲᠠᠨᠢᠬᠤ ᠤᠯᠠᠮᠵᠢᠯᠠᠯ ᠦᠪᠯᠡᠭᠦᠯᠬᠦ ᠨᠢ ᠰᠠᠶᠢᠬᠠᠨ ᠪᠠᠶᠢᠭᠰᠠᠨ             ᠬᠠᠭᠵᠠᠷᠬᠠᠢ ᠭᠤᠲᠤᠯ ᠲᠠᠢ ᠪᠢᠯᠡᠭᠤ ᠲᠡᠭᠦᠵᠢᠯᠡᠭᠡᠳ ᠠᠪᠠ ᠳᠤ ᠬᠦᠶᠦᠬᠦ ᠨᠢ ᠰᠠᠶᠢᠬᠠᠨ ᠪᠠᠶᠢᠭᠰᠠᠨ            ᠬᠠᠶᠠ ᠡᠷᠬᠢᠯᠡᠲᠡᠭ ᠨᠠᠶᠢᠷ ᠨᠠᠭᠠᠲᠤᠮ ᠳᠤ ᠪᠦᠬᠡᠴᠢᠳ ᠤᠨ ᠪᠠᠷᠢᠯᠲᠤᠭᠠᠨ ᠨᠢ ᠰᠠᠶᠢᠬᠠᠨ ᠪᠠᠶᠢᠭᠰᠠᠨ              ᠬᠠᠪᠤᠷ ᠤᠨ ᠰᠠᠶᠢᠬᠠᠨ ᠡᠷᠡᠨ ᠪᠤᠯᠬᠤ ᠳᠤ ᠦᠷᠢᠶ᠎ᠡ ᠡᠰᠭᠡᠬᠦ ᠨᠢ ᠰᠠᠶᠢᠬᠠᠨ ᠪᠠᠶᠢᠭᠰᠠᠨ              ᠬᠠᠯᠠᠭᠠᠢ ᠮᠦᠭᠦ ᠠᠷᠪᠠᠢ ᠪᠠᠷ ᠠᠮᠲᠠᠲᠦ ᠵᠠᠭᠤᠰᠢ ᠬᠢᠬᠦ ᠨᠢ ᠰᠠᠶᠢᠬᠠᠨ ᠪᠠᠶᠢᠭᠰᠠᠨ               ᠡᠬᠡ ᠪᠠᠨ ᠠᠯᠲᠠᠭᠰᠠᠨ ᠦᠨᠦᠴᠢᠨ ᠲᠦᠯ ᠢ ᠤᠭᠵᠢᠵᠦ ᠪᠤᠶᠢᠵᠢᠭᠤᠯᠲᠠᠭ ᠨᠢ ᠰᠠᠶᠢᠬᠠᠨ ᠪᠠᠶᠢᠭᠰᠠᠨ             ᠦᠷᠦᠭᠡᠯ ᠦᠪᠡᠷ ᠤᠨ ᠮᠠᠯ ᠰᠦᠷᠦᠭ ᠢ ᠪᠦᠬᠦᠲᠡ ᠶᠢ ᠤᠰᠤᠯᠠᠲᠠᠭ ᠨᠢ ᠰᠠᠶᠢᠬᠠᠨ ᠪᠠᠶᠢᠭᠰᠠᠨ           ᠡᠪᠤᠯ ᠤᠨ ᠤᠷᠲᠦ ᠦᠲᠡᠰᠢ ᠪᠠᠷ ᠦᠯᠢᠭᠡᠷ ᠰᠤᠨᠤᠰᠲᠠᠭ ᠨᠢ ᠰᠠᠶᠢᠬᠠᠨ ᠪᠠᠶᠢᠭᠰᠠᠨ            ᠦᠤᠷ ᠤᠨ ᠴᠤᠯᠮᠤᠨ ᠲᠠᠢ ᠤᠷᠤᠯᠲᠤᠵᠦ ᠠᠷᠭᠠᠯ ᠳᠤ ᠶᠠᠪᠤᠲᠠᠭ ᠨᠢ ᠰᠠᠶᠢᠬᠠᠨ ᠪᠠᠶᠢᠭᠰᠠᠨ         ᠬᠠᠲᠤᠯᠠᠩ ᠲᠠᠷᠢᠶ᠎ᠠ ᠭᠡᠵᠦ ᠬᠤᠪᠢᠶᠠᠭᠰᠠᠨ ᠦᠭᠡᠢ ᠲᠠᠩᠰᠤᠭ ᠲᠠᠯ᠎ᠠ ᠨᠢ ᠲᠡᠨᠢᠬᠦᠨ ᠪᠠᠶᠢᠭᠰᠠᠨ            ᠬᠠᠲᠠᠭᠤᠵᠢᠯᠲᠠᠢ ᠬᠦᠲᠡᠯᠮᠤᠷᠢ ᠪᠠᠨ ᠲᠦᠰᠢᠭᠰᠡᠨ ᠠᠲᠠᠯ ᠦᠢᠯᠡᠰ ᠨᠢ ᠪᠤᠷᠤᠭᠵᠢᠭᠤᠨ ᠪᠠᠶᠢᠭᠰᠠᠨ             ᠤᠯᠤᠰ ᠤᠨ ᠬᠡᠮᠵᠢᠶᠡᠲᠦ ᠪᠢᠯᠧᠲ ᠢ ᠵᠡᠷᠤᠭᠰᠡᠨ ᠴᠦ ᠦᠷᠢ ᠰᠢᠷᠢ ᠨᠢ ᠪᠠᠭ᠎ᠠ ᠪᠠᠶᠢᠭᠰᠠᠨ            ᠤᠨᠤᠭ᠎ᠠ ᠬᠡᠷᠡᠭᠰᠡᠯ ᠠᠮᠦ ᠶᠢ ᠪᠠᠨ ᠵᠢᠭᠡᠯᠡᠭᠦᠯᠲᠡᠭ ᠦᠷᠦ ᠰᠡᠳᠭᠢᠯ ᠨᠢ ᠵᠦᠭᠡᠯᠡᠨ ᠪᠠᠶᠢᠭᠰᠠᠨ             ᠡᠷᠭᠢ ᠲᠤᠤᠷ ᠬᠠᠷᠠᠭᠲᠠᠲᠠᠭ ᠦᠭᠡᠢ ᠨᠤᠲᠤᠭ ᠤᠨ ᠵᠠᠮ ᠨᠢ ᠰᠠᠷᠠᠭᠤᠯᠬᠠᠨ ᠪᠠᠶᠢᠭᠰᠠᠨ            ᠡᠵᠢ ᠨᠠᠭᠤᠷ ᠢ ᠵᠤᠷᠢᠭᠰᠠᠨ ᠠᠶᠠᠨ ᠤ ᠲᠡᠷᠭᠡ ᠨᠢ ᠲᠠᠭᠠᠭᠠᠴᠠᠲᠠᠢ ᠪᠠᠶᠢᠭᠰᠠᠨ           ᠲᠠᠪᠤᠷ᠎ᠠ ᠶᠢᠨ ᠤᠰᠤ ᠱᠣᠣᠬᠢᠭᠰᠠᠨ ᠬᠤᠪᠤᠡᠭ ᠤᠨ ᠴᠤᠭ ᠨᠢ ᠢᠯᠴᠢ ᠲᠠᠢ ᠪᠠᠶᠢᠭᠰᠠᠨ           ᠲᠠᠮᠠᠬᠢ ᠲᠠᠢ ᠭᠠᠨᠭ᠍ᠰᠠ ᠪᠠᠨ ᠫᠤᠭᠰᠢᠭᠰᠠᠨ ᠡᠪᠤᠭᠡᠳ ᠤᠨ ᠬᠠᠭᠤᠴᠢ ᠨᠢ ᠤᠯᠠᠨ ᠪᠠᠶᠢᠭᠰᠠᠨ             ᠱᠠᠩᠲᠠ ᠭᠤᠷᠤᠬ᠎ᠠ ᠨᠠᠭᠤᠷ ᠤᠨ ᠬᠦᠪᠡᠭᠡ ᠪᠠᠷ ᠴᠡᠴᠡᠭ ᠮᠢᠷᠠᠯᠵᠠᠬᠤ ᠨᠢ ᠰᠠᠶᠢᠬᠠᠨ ᠪᠠᠶᠢᠭᠰᠠᠨ             ᠱᠠᠯᠲᠠᠩ ᠨᠢᠴᠦᠬᠦᠨ ᠵᠢᠭᠠᠯ ᠤᠳ ᠭᠤᠤᠯ ᠳᠤ ᠨᠠᠭᠠᠳᠬᠤ ᠨᠢ ᠰᠠᠶᠢᠬᠠᠨ ᠪᠠᠶᠢᠭᠰᠠᠨ             ᠡᠭᠡᠵᠡᠭᠡᠢ ᠬᠤᠷᠤᠳ ᠪᠢᠰᠢᠯᠠᠭ ᠠᠴᠠ ᠨᠢ ᠲᠤᠰᠤ ᠭᠢᠯᠲᠠᠭᠠᠨᠠᠬᠤ ᠨᠢ ᠰᠠᠶᠢᠬᠠᠨ ᠪᠠᠶᠢᠭᠰᠠᠨ            ᠡᠯᠪᠡᠭ ᠲᠠᠩᠰᠤᠭ ᠨᠠᠮᠤᠷ ᠤᠨ ᠶᠠᠭᠠᠷᠠᠯ ᠳᠤ ᠭᠡᠭᠡᠷ᠎ᠡ ᠲᠤᠭᠤᠭᠠᠯᠠᠬᠤ ᠨᠢ ᠰᠠᠶᠢᠬᠠᠨ ᠪᠠᠶᠢᠭᠰᠠᠨ          ᠰᠤᠶᠢᠯᠵᠦ ᠲᠦᠷᠦᠭᠰᠡᠨ ᠭᠤᠨᠵᠢ ᠲᠤᠭᠤᠯ ᠲᠠᠢ ᠪᠠᠨ ᠢᠷᠡᠬᠦ ᠨᠢ ᠰᠠᠶᠢᠬᠠᠨ ᠪᠠᠶᠢᠭᠰᠠᠨ           ᠰᠤᠨᠤᠷ ᠤᠷᠲᠦ ᠬᠤᠲᠠᠴᠢ ᠡᠵᠡᠨ ᠢᠶᠠᠨ ᠤᠭᠲᠤᠬᠤ ᠨᠢ ᠰᠠᠶᠢᠬᠠᠨ ᠪᠠᠶᠢᠭᠰᠠᠨ          ︽ᠰᠤᠷᠲᠤᠭᠤ︾ ᠠᠪᠲᠠᠭ ᠴᠠᠭ᠂ ᠲᠤᠭᠤᠢ ᠨᠢ ᠵᠠᠰᠠᠯ ᠪᠤᠯᠤᠭᠠᠳ ᠰᠠᠶᠢᠬᠠᠨ ᠪᠠᠶᠢᠭᠰᠠᠨ           ᠰᠤᠮᠤ ᠠᠶᠢᠯ ᠤᠨ ᠰᠤᠷᠭᠠᠭᠤᠯᠢ ᠨᠤᠭᠤᠳ ᠨᠢ ᠰᠤᠶᠤᠯ ᠢ ᠭᠠᠶᠢᠬᠠᠭᠤᠯᠤᠭᠠᠳ ᠰᠠᠶᠢᠬᠠᠨ ᠪᠠᠶᠢᠭᠰᠠᠨ         ᠭᠠᠯ ᠤᠨ ᠲᠠᠬᠢᠯᠭ᠎ᠠ ᠤᠶᠢᠷᠠᠳᠬᠤ ᠪᠠᠷ ᠵᠠᠰᠠᠵᠦ ᠴᠡᠪᠡᠷᠯᠡᠬᠦ ᠨᠢ ᠰᠠᠶᠢᠬᠠᠨ ᠪᠠᠶᠢᠭᠰᠠᠨ          ᠭᠠᠷ ᠤᠷᠠᠨ ᠤᠯᠤᠰ ᠢᠶᠠᠨ ᠭᠤᠶᠤᠭᠠᠳ ᠯᠡ ᠭᠡᠷ ᠢᠶᠠᠨ ᠴᠢᠮᠡᠬᠦ ᠨᠢ ᠰᠠᠶᠢᠬᠠᠨ ᠪᠠᠶᠢᠭᠰᠠᠨ             ᠰᠢᠨ᠎ᠡ ᠶᠢᠨ ᠨᠢᠭᠡᠨ ᠳᠤ ᠰᠢᠨ᠎ᠡ ᠬᠦᠷᠮ᠎ᠡ ᠲᠠᠢ ᠪᠤᠭᠤᠷᠤᠯ ᠳᠤ ᠪᠠᠨ ᠮᠦᠷᠭᠦᠬᠦ ᠨᠢ ᠰᠠᠶᠢᠬᠠᠨ ᠪᠠᠶᠢᠭᠰᠠᠨ          ᠰᠢᠬᠢᠷ ᠪᠠᠭᠯᠠᠭᠰᠠᠨ ᠬᠡᠣᠭᠡᠳ ᠤᠨ ᠪᠤᠤᠪᠤ ᠲᠠᠢ ᠠᠶᠢᠯ ᠲᠤᠭᠤᠷᠢᠬᠤ ᠨᠢ ᠰᠠᠶᠢᠬᠠᠨ ᠪᠠᠶᠢᠭᠰᠠᠨ              ᠬᠦᠲᠡᠭᠡ ᠪᠠᠶᠢᠭᠠᠯᠢ ᠨᠢ ᠨᠠᠷᠠ ᠰᠠᠯᠬᠢ ᠲᠠᠢ ᠦᠶᠦᠭ ᠲᠠᠩᠰᠤᠭ ᠰᠠᠶᠢᠬᠠᠨ ᠪᠠᠶᠢᠭᠰᠠᠨ            ᠬᠦᠮᠦᠨ ᠠᠷᠠᠳ ᠨᠢ ᠬᠦᠰᠡᠯ ᠵᠤᠷᠢᠭ ᠲᠠᠢ ᠬᠡᠶᠢᠮᠤᠷᠢ ᠦᠯᠡᠮᠵᠢ ᠰᠠᠶᠢᠬᠠᠨ ᠪᠠᠶᠢᠭᠰᠠᠨ           ᠬᠡᠯᠡᠵᠦ ᠪᠠᠷᠠᠰᠢ ᠦᠭᠡᠢ ᠦᠯᠢᠭᠡᠷ ᠲᠠᠢ ᠭᠡᠷᠡᠯᠲᠦ ᠰᠠᠶᠢᠬᠠᠨ ᠲᠤᠷᠠᠰᠤᠮᠵᠢ ᠪᠠᠶᠢᠭᠰᠠᠨ            ᠭᠡᠵᠢᠶᠡᠲᠡ ᠬᠤᠶᠢᠴᠢᠰ ᠲᠤ ᠪᠠᠨ ᠴᠡᠭᠡᠵᠢᠯᠡᠭᠦᠯᠬᠦ ᠤᠳᠬ᠎ᠠ ᠠᠭᠤᠯᠭ᠎ᠠ ᠲᠠᠢ ᠰᠢᠯᠦᠭ ᠪᠠᠶᠢᠭᠰᠠᠨ        ᠲᠡᠷᠡ ᠦᠶ᠎ᠡ ᠳᠤ ᠲᠠᠶᠢᠮᠦ ᠰᠠᠶᠢᠬᠠᠨ ᠪᠠᠶᠢᠭᠰᠠᠨ︕        
ᠢᠷᠡᠯᠲᠡ᠄ ᠠᠷᠠᠳ ᠤᠨ ᠰᠦᠯᠵᠢᠶ᠎ᠡ