ᠦᠭᠡ : ᠳᠡᠭᠵᠢᠷᠡᠬᠦ | ᠠᠶ᠎ᠠ : ᠪᠦᠷᠡᠨᠳᠡᠯᠭᠡᠷ | ᠬᠥᠭᠵᠢᠮ ᠨᠠᠶᠢᠷᠠᠭᠤᠯᠤᠭᠴᠢ : ᠲᠤᠩᠭᠠᠯᠠᠭ | ᠭᠡᠷᠡᠯᠲᠦ ᠳᠠᠭᠤᠯᠠᠨ᠎ᠠ | | | | ᠠᠯᠠᠭ᠎ᠠ ᠳᠠᠷᠤᠮ᠎ᠠ ᠭᠠᠵᠠᠷ ᠢᠶᠠᠨ ᠴᠤ | ᠠᠮᠢᠨᠴᠢᠷᠬᠠᠨ ᠬᠠᠶᠢᠷᠠᠯᠠᠳᠠᠭ ᠠᠷᠠᠳ ᠲᠦᠮᠡᠨ ᠲᠠᠢ | ᠠᠯᠲᠠᠨ ᠳᠡᠯᠡᠬᠡᠢ ᠠᠴᠠ ᠥᠷᠥᠰᠢᠶᠡᠨ ᠢᠪᠡᠭᠡᠭᠰᠡᠨ | ᠠᠳᠤᠭᠤ ᠮᠠᠯ ᠤᠨ ᠲᠣᠷᠭᠠᠨ ᠪᠡᠯᠴᠢᠭᠡᠷ ᠲᠠᠢ | ᠮᠢᠨᠦ ᠨᠤᠲᠤᠭ ᠬᠢᠩᠭᠠᠨ ᠣᠪᠣᠭ᠎ᠠ | ᠮᠢᠨᠤ ᠳᠡᠭᠡᠳᠦᠰ ᠤᠨ ᠲᠠᠷᠠᠬᠠᠨ ᠭᠤᠯᠤᠮᠳᠠ | ᠣᠪᠣᠭᠠᠨ ᠤ ᠳᠡᠷᠭᠡᠳᠡ ᠬᠠᠳᠠᠭ ᠨᠠᠮᠢᠷᠠᠭᠰᠠᠨ | ᠣᠪᠢᠳᠠᠰᠤᠲᠤ ᠲᠣᠮᠣᠭᠲᠤ ᠱᠠᠩᠰᠢ ᠶᠢᠨ ᠮᠣᠳᠣ ᠲᠠᠢ | ᠣᠷᠴᠢᠯᠠᠩ ᠤᠨ ᠰᠠᠶᠢᠬᠠᠨ ᠢ ᠠᠷᠠᠳ ᠳᠠᠭᠠᠨ ᠢᠪᠡᠭᠡᠭᠰᠡᠨ | ᠤᠶᠣᠨᠢ ᠠᠷᠢᠭᠤᠳᠬᠠᠳᠠᠭ ᠮᠠᠨᠳᠠᠯᠲᠦ ᠶᠢᠨ ᠠᠭᠤᠯᠠ ᠲᠠᠢ | ᠮᠢᠨᠦ ᠨᠤᠲᠤᠭ ᠬᠢᠩᠭᠠᠨ ᠣᠪᠣᠭ᠎ᠠ | ᠮᠢᠨᠤ ᠠᠪᠤ ᠶᠢᠨ ᠰᠢᠳᠦᠭᠡᠨᠲᠦ ᠣᠷᠣᠨ | ᠠᠭᠤᠯᠠ ᠶᠢᠨ ᠣᠷᠭᠢᠯ ᠳᠤ ᠨᠢ ᠯᠤᠤ ᠬᠥᠯᠥᠭᠯᠡᠭᠰᠡᠨ | ᠰᠥᠬᠦᠳᠥᠨ ᠮᠥᠷᠭᠦᠮᠡᠷ ᠨᠠᠪᠳᠠᠭ ᠲᠠᠢ | ᠤᠰᠤᠨ ᠤ ᠡᠬᠢᠨ ᠳᠤ ᠨᠢ ᠭᠠᠷᠤᠲᠢ ᠳᠡᠪᠢᠭᠰᠡᠨ | ᠰᠦᠰᠦᠭᠯᠡᠨ ᠵᠠᠯᠪᠠᠷᠢᠮᠠᠷ ᠰᠠᠪᠳᠠᠭ ᠲᠠᠢ | ᠮᠢᠨᠤ ᠨᠤᠲᠤᠭ ᠬᠢᠩᠭᠠᠨ ᠣᠪᠣᠭ᠎ᠠ | ᠮᠢᠨᠤ ᠡᠵᠢ ᠶᠢᠨ ᠬᠠᠶᠢᠷ᠎ᠠ ᠶᠢᠨ ᠥᠯᠦᠭᠡᠢ | ᠮᠢᠨᠦ ᠨᠤᠲᠤᠭ ᠬᠢᠩᠭᠠᠨ ᠣᠪᠣᠭ᠎ᠠ | ᠠᠪᠤ ᠳᠡᠭᠡᠳᠦᠰ ᠤᠨ ᠠᠯᠳᠠᠨ ᠭᠤᠯᠤᠮᠳᠠ | | | | |