ᠨᠠᠪᠴᠢᠰ
ᠨᠡᠶᠢᠲᠡᠯᠡᠭᠰᠡᠨ ᠴᠠᠭ᠄
2023/12/8
     ᠨᠢᠭᠡ ᠨᠢ ᠣᠨᠠᠬᠤ ᠳᠤ     ᠨᠡᠯᠢᠶᠡᠳ ᠨᠢ ᠰᠠᠨᠳᠣᠷᠣᠨ᠎ᠠ     ᠨᠡᠭᠡᠵᠣ ᠬᠤᠶᠢᠨ᠎ᠠ ᠠᠴᠠ ᠨᠢ     ᠨᠡᠷ᠎ᠡ ᠪᠠᠷ ᠨᠢ ᠳᠠᠭᠤᠳᠠᠨ᠎ᠠ     ᠳᠠᠷᠠᠭᠠᠭᠢ ᠨᠢ ᠣᠨᠠᠬᠤ ᠳᠤ     ᠳᠠᠶᠠᠭᠠᠷ ᠢᠶᠠᠨ ᠰᠠᠨᠳᠣᠷᠣᠨ᠎ᠠ     ᠳᠠᠮ ᠳᠠᠮ ᠢᠶᠠᠷ     ᠳᠠᠯᠠᠯᠣᠨ ᠳᠠᠭᠤᠳᠠᠨ᠎ᠠ     ᠦᠷᠭᠦᠭᠰᠡᠨ ᠭᠦᠷᠦᠭᠡᠰᠦ ᠰᠢᠭ     ᠦᠢᠮᠡᠭᠰᠡᠨ ᠨᠠᠪᠴᠢᠰ     ᠪᠣᠲᠠᠷᠠᠵᠣ ᠴᠦ ᠣᠨᠠᠨ᠎ᠠ     ᠪᠣᠴᠠᠵᠣ ᠴᠦ ᠣᠷᠭᠤᠨ᠎ᠠ     ᠠᠨᠢᠷ ᠦᠭᠡᠢ ᠬᠤᠷᠣᠬᠤ     ᠠᠮᠢ ᠨᠠᠰᠣ ᠯᠠ     ᠠᠬᠢᠭᠠᠳ ᠣᠷᠭᠤᠬᠤ ᠦᠭᠡᠢ     ᠡᠷᠬᠢᠵᠦ ᠤᠯᠳᠠᠬᠤ ᠦᠭᠡᠢ     ᠡᠷᠳᠡ ᠨᠠᠮᠣᠷ     ᠡᠮᠦᠨ᠎ᠡ ᠰᠦᠨᠢ ᠶᠢᠨ     ᠨᠠᠮᠣᠷ ᠤᠨ ᠠᠭᠤᠷ ᠢ     ᠤᠳᠠᠨ ᠤ ᠨᠠᠪᠴᠢ     ᠤᠵᠠᠭᠤᠷ ᠰᠡᠷᠡᠵᠠᠢ     ᠤᠷᠠᠭᠳᠠᠵᠣ ᠭᠡᠭᠡᠭᠳᠡᠭᠰᠡᠨ     ᠳᠡᠪᠡᠯ ᠤᠨ ᠰᠢᠯᠪᠢ ᠰᠢᠭ     ᠣᠨᠳᠣᠢ ᠰᠣᠨᠳᠣᠢ     ᠣᠨᠠᠵᠣ ᠡᠬᠢᠯᠡᠵᠠᠢ     ᠵᠦᠭᠡᠯᠡᠨ ᠪᠣᠷᠣᠭᠠᠨ     ᠠᠯᠠᠭᠠᠨ ᠤ ᠴᠢᠨᠢ ᠢᠯᠴᠢ ᠰᠢᠭ     ᠲᠣᠯᠠᠭᠠᠨ ᠳᠣᠰᠣᠯ ᠲᠠᠢ     ᠠᠯᠴᠢᠭᠤᠷ ᠤᠨ ᠴᠢᠨᠢ ᠦᠨᠦᠷ ᠰᠢᠭ     ᠠᠩᠭᠢᠯᠣᠭᠤᠨ ᠠᠮᠢᠰᠬᠤᠯ ᠲᠠᠢ     ᠦᠰᠦᠨ ᠤ ᠴᠢᠨᠢ ᠰᠡᠪᠡᠯᠭᠡ ᠰᠢᠭ     ᠨᠡᠮᠡᠭᠦᠨ ᠰᠢᠷᠬᠡᠭ ᠲᠠᠢ      ᠦᠭᠡᠨ ᠤ ᠴᠢᠨᠢ ᠠᠨᠢᠷ ᠰᠢᠭ     ᠨᠢᠭᠡᠨ ᠣᠴᠢᠷ ᠲᠠᠢ     ᠴᠢᠩᠭ᠎ᠠ ᠶᠠᠷᠢᠬᠤ ᠳᠤ ᠭᠤᠮᠣᠳᠠᠴᠢᠬᠠᠮᠠᠷ     ᠡᠨᠡ ᠵᠦᠭᠡᠯᠡᠨ ᠪᠣᠷᠣᠭᠠᠨ     ᠴᠢᠮ᠎ᠠ ᠲᠠᠢ ᠬᠠᠮᠳᠣ ᠨᠣᠷᠣᠭᠰᠠᠨ     ᠳᠡᠷᠡ ᠪᠣᠷᠣᠭᠠᠨ ᠮᠦᠨ ᠤᠤ 
ᠢᠷᠡᠯᠲᠡ᠄ ᠣᠷᠳᠣᠰ ᠮᠣᠩᠭᠤᠯ ᠰᠥᠯᠵᠢᠶ᠎ᠡ