ᠣᠯᠠᠨ ᠶᠡᠭᠡ ᠳᠡᠭᠡᠳᠦ ᠰᠤᠷᠭᠠᠭᠤᠯᠢ ᠨᠢ ᠬᠢᠷᠢ ᠪᠦᠲᠦᠮᠵᠢ ᠶᠢᠨ ᠲᠡᠭᠰᠢᠳᠭᠡᠯ ᠬᠤᠪᠢ ᠶᠢ ᠬᠦᠴᠦᠨ ᠥᠬᠡᠶ ᠪᠣᠯᠭᠠᠬᠤ ᠪᠠᠷ ᠲᠤᠷᠰᠢᠵᠦ ᠪᠤᠢ︕ ᠣᠶᠤᠲᠠᠨ ᠰᠢᠯᠭᠠᠯᠲᠠ ᠶᠢᠨ ᠬᠠᠭᠤᠳᠠᠰᠤ ᠬᠡᠷᠡᠭᠯᠡᠬᠦ ᠦᠭᠡᠢ ᠳᠤ ᠪᠤᠯᠬᠤ ᠤᠤ︖
ᠨᠡᠶᠢᠲᠡᠯᠡᠭᠰᠡᠨ ᠴᠠᠭ᠄
2023/12/28
        ᠣᠶᠢᠷ᠎ᠠ ᠳᠤ᠂ ᠪᠡᠭᠡᠵᠢᠩ  ᠶᠡᠭᠡ  ᠰᠤᠷᠭᠠᠭᠤᠯᠢ ᠶᠢᠨ  ᠰᠣᠨᠢᠨ  ︽ᠬᠢᠷᠢ  ᠪᠦᠲᠦᠮᠵᠢ ᠶᠢᠨ  ᠲᠡᠭᠰᠢᠳᠭᠡᠯ  ᠬᠤᠪᠢ  ᠵᠢ‌‍ᠲ᠋ᠠᠶᠠᠭᠳᠠᠶ᠎ᠠ — ᠬᠢᠷᠢ ᠪᠦᠲᠦᠮᠵᠢ ᠶᠢ ᠦᠨᠡᠯᠡᠨ ᠲᠣᠭᠲᠠᠭᠠᠬᠤ ᠥᠭᠡᠷᠡᠴᠢᠯᠡᠯᠲᠡ 〈ᠠᠮᠢ ᠨᠠᠰᠤᠨ ᠤ  ᠰᠢᠨᠵᠢᠯᠡᠬᠦ  ᠤᠬᠠᠭᠠᠨ ‍ᠤ‌‍ᠰᠠᠯᠠᠭ᠎ᠠ〉︾ ᠳᠤ ᠶᠠᠪᠤᠭᠳᠠᠪᠠ︾ ᠭᠡᠬᠦ ᠵᠣᠬᠢᠶᠠᠯ ᠨᠡᠶᠢᠲᠡᠯᠡᠵᠦ᠂ ᠰᠤᠷᠭᠠᠭᠤᠯᠢ ᠶᠢᠨ ᠬᠢᠷᠢ ᠪᠦᠲᠦᠮᠵᠢ ᠶᠢ ᠦᠨᠡᠯᠡᠨ  ᠲᠣᠭᠲᠠᠭᠠᠬᠤ‌ᠥᠭᠡᠷᠡᠴᠢᠯᠡᠯᠲᠡ ᠶᠢ ᠬᠢᠵᠦ ᠪᠠᠶᠢᠭ᠎ᠠ ᠪᠠᠶᠢᠳᠠᠯ ᠤᠨ ᠲᠤᠬᠠᠢ ᠪᠠᠶᠢᠴᠠᠭᠠᠨ ᠰᠤᠳᠤᠯᠤᠯᠳᠠ ᠬᠢᠭᠰᠡᠨ  ᠢ  ᠲᠤᠰᠬᠠᠬᠰᠠᠨ  ᠢᠶᠠᠷ  ᠲᠣᠰ‌ᠠᠵᠢᠯᠯᠠᠭ᠎ᠠ ᠨᠢ ᠥᠷᠭᠡᠨ ᠳᠡᠯᠭᠡᠷ ᠬᠠᠯᠠᠭᠤᠨ ᠶᠠᠷᠢᠯᠴᠠᠭ᠎ᠠ ᠪᠣᠯᠪᠠ᠃               ᠰᠤᠷᠤᠯᠭ᠎ᠠ ᠶᠢᠨ ᠬᠢᠨᠠᠨ ᠰᠢᠯᠭᠠᠯᠲᠠ ᠶᠢᠨ ᠬᠦᠨᠳᠦ ᠳᠠᠷᠤᠯᠲᠠ ᠳᠤᠤᠷ᠎ᠠ᠂ ᠵᠠᠷᠢᠮ ᠰᠣᠷᠣᠭᠴᠢ ᠶᠡᠷᠦᠩᠬᠡᠶ ᠬᠢᠷᠢ ᠪᠦᠲᠦᠮᠵᠢ‌‍ᠪᠡᠨ ᠨᠢᠭᠡ ᠬᠤᠶᠠᠷ ᠬᠤᠪᠢ ᠳᠡᠭᠡᠭᠰᠢᠯᠡᠭᠦᠯᠬᠦ ᠶᠢᠨ ᠲᠥᠯᠥᠭᠡ ᠶᠡᠭᠡ ᠬᠡᠮᠵᠢᠶᠡᠨ ᠤ ᠴᠠᠭ ᠵᠠᠷᠤᠴᠠᠭᠤᠯᠵᠤ ᠪᠠᠶᠢᠨ᠎ᠠ᠃ ᠣᠳᠣᠬᠢ ᠡᠨᠡ‌‍ᠬᠦ ᠪᠠᠶᠢᠳᠠᠯ ᠢ ᠬᠤᠪᠢᠷᠠᠭᠤᠯᠬᠤ ᠶᠢᠨ ᠲᠥᠯᠥᠭᠡ᠂ ᠪᠡᠭᠡᠵᠢᠩ ᠶᠡᠭᠡ ᠰᠤᠷᠭᠠᠭᠤᠯᠢ ᠶᠢᠨ ᠠᠮᠢ  ᠨᠠᠰᠤᠨ ᠤ  ᠰᠢᠨᠵᠢᠯᠡᠬᠦ  ᠤᠬᠠᠭᠠᠨ ‍ᠤ‌‍ᠲ᠋ᠡᠭᠡᠳᠦ ᠰᠤᠷᠭᠠᠭᠤᠯᠢ ᠲᠤᠷᠰᠢᠯᠲᠠ ᠬᠢᠵᠦ᠂ GPA ᠶᠢᠨ  ᠨᠡᠷᠡᠰ ᠤᠨ  ᠵᠢᠭᠰᠠᠭᠠᠯᠲᠠ ᠶᠢ  ᠲᠠᠶᠠᠭᠳᠠᠵᠤ᠂  ︽ᠵᠡᠷᠭᠡ  ᠳᠡᠰ ‍ᠤᠨ‌‍ᠲ᠋ᠦ᠋ᠷᠢᠮ︾ ᠤᠨ ᠬᠢᠨᠠᠨ ᠰᠢᠯᠭᠠᠵᠤ ᠦᠨᠡᠯᠡᠨ ᠲᠣᠭᠲᠠᠭᠠᠬᠤ ᠠᠷᠭ᠎ᠠ ᠮᠠᠶ᠋ᠢᠭ ᠢ ᠬᠡᠷᠡᠭᠵᠢᠭᠦᠯᠪᠡ᠃              GPA ︵GradePoint Average︶ ᠭᠡᠳᠡᠭ ︽ᠲᠡᠭᠰᠢᠳᠭᠡᠯ  ᠬᠢᠷᠢ  ᠪᠦᠲᠦᠮᠵᠢ ᠶᠢᠨ  ᠬᠤᠪᠢ︾  ᠨᠢ‌ᠣᠳᠣᠬᠠᠨ ᠤ ᠤᠯᠤᠰ ᠤᠨ ᠳᠣᠲᠣᠭᠠᠳᠤ ᠶᠢᠨ ᠶᠡᠭᠡ ᠰᠤᠷᠭᠠᠭᠤᠯᠢ ᠶᠢᠨ ᠰᠤᠷᠤᠭᠴᠢᠳ ᠢ ᠦᠨᠡᠯᠡᠬᠦ ᠵᠠᠩᠭᠢᠯᠠᠭ᠎ᠠ ᠶᠢᠨ  ᠬᠦᠢᠴᠡᠳᠬᠡᠯ‌‍ᠲ᠋ᠤᠭ᠎ᠠ ᠪᠣᠯᠤᠨ᠎ᠠ᠃                ᠪᠡᠭᠡᠵᠢᠩ ᠬᠤᠲᠠ ᠶᠢᠨ ᠰᠤᠷᠭᠠᠨ  ᠬᠥᠮᠦᠵᠢᠯ ᠤᠨ  ᠵᠥᠪᠯᠡᠯ ᠤᠨ  ᠠᠯᠪᠠᠨ  ᠲᠠᠯ᠎ᠠ ᠶᠢᠨ  ᠨᠡᠶᠢᠲᠡ ᠶᠢᠨ  ᠳ᠋ᠤᠭᠠᠷ ᠤᠨ︽ᠨᠡᠶᠢᠰᠯᠡᠯ ᠤᠨ ᠰᠤᠷᠭᠠᠨ ᠬᠥᠮᠦᠵᠢᠯ︾ ᠤᠨ ᠮᠡᠳᠡᠭᠡ ᠶᠢ ᠦᠨᠳᠦᠰᠦᠯᠡᠪᠡᠯ᠂ ᠣᠶᠢᠷ᠎ᠠ ᠶᠢᠨ ᠵᠢᠯ ᠤᠳ ᠲᠤ᠂ ᠬᠡᠰᠡᠭ ᠶᠡᠭᠡ ᠳᠡᠭᠡᠳᠦ‌‍ᠰᠤᠷᠭᠠᠭᠤᠯᠢ ᠨᠢ ᠲᠡᠭᠰᠢᠳᠭᠡᠯ ᠬᠢᠷᠢ ᠪᠦᠲᠦᠮᠵᠢ ᠶᠢᠨ ᠬᠤᠪᠢ ᠶᠢ ᠬᠦᠴᠦᠨ ᠦᠭᠡᠶ ᠪᠣᠯᠭᠠᠵᠤ᠂  ᠵᠡᠷᠭᠡ  ᠳᠡᠰ ᠤᠨ  ᠳᠦᠷᠢᠮ ‍ᠤᠨ‌‍ᠬᠢᠷᠢ ᠪᠦᠲᠦᠮᠵᠢ ᠶᠢ ᠦᠨᠡᠯᠡᠨ ᠲᠣᠭᠲᠠᠭᠠᠬᠤ ᠥᠭᠡᠷᠡᠴᠢᠯᠡᠯᠲᠡ ᠬᠢᠬᠦ ᠪᠠᠷ ᠲᠤᠷᠰᠢᠵᠤ ᠡᠬᠢᠯᠡᠵᠡᠶ᠂ ᠲᠤᠬᠠᠶᠢᠯᠠᠪᠠᠯ A᠂ B᠂ C᠂D᠂ F ᠵᠡᠷᠭᠡ ᠴᠠᠭᠠᠨ ᠲᠣᠯᠣᠭᠠᠶ ᠪᠠᠷ ᠰᠤᠷᠤᠭᠴᠢᠳ ᠤᠨ  ᠬᠢᠷᠢ  ᠪᠦᠲᠦᠮᠵᠢ ᠶᠢ  ᠢᠯᠡᠳᠬᠡᠵᠦ  ᠪᠤᠢ᠂  ᠵᠠᠭᠤᠨ  ᠬᠤᠪᠢ ᠵᠢᠨ‌‍ᠲ᠋ᠦ᠋ᠷᠢᠮ ᠪᠤᠶᠤ ᠲᠡᠭᠰᠢᠳᠭᠡᠯ ᠬᠢᠷᠢ ᠪᠦᠲᠦᠮᠵᠢ ᠶᠢᠨ ᠬᠤᠪᠢ ᠶᠢᠨ ᠳᠦᠷᠢᠮ ᠢ ᠬᠡᠷᠡᠭᠯᠡᠬᠦ ᠪᠠᠨ ᠪᠤᠯᠢᠵᠠᠶ᠃               GPA ᠶᠢ ᠲᠠᠶᠠᠬᠳᠠᠬᠤ ᠨᠢ ᠨᠡᠩ ᠤᠯᠠᠨ ᠴᠠᠭ  ᠠᠷᠪᠢᠯᠠᠨ  ᠭᠠᠷᠭᠠᠵᠤ  ᠰᠤᠷᠤᠭᠴᠢᠳ  ᠤᠨ  ᠬᠡᠪ  ᠴᠢᠨᠠᠷ ᠢ ᠨᠢ‌‍ᠲ᠋ᠡᠭᠡᠭᠰᠢᠯᠡᠭᠦᠯᠬᠦ ᠶᠢᠨ ᠲᠥᠯᠥᠭᠡ ᠶᠤᠮ               ᠵᠡᠷᠭᠡ ᠳᠡᠰ ᠤᠨ ᠲᠦᠷᠢᠮ ᠢ ᠬᠡᠷᠡᠭᠵᠢᠭᠦᠯᠬᠦ ᠠᠴᠠ ᠡᠮᠦᠨ᠎ᠡ᠂  ᠪᠡᠭᠡᠵᠢᠩ  ᠶᠡᠭᠡ  ᠰᠤᠷᠭᠠᠭᠤᠯᠢ ᠶᠢᠨ  ᠠᠮᠢ  ᠨᠠᠰᠤᠨ ‍ᠤ‌‍ᠰᠢᠨᠵᠢᠯᠡᠬᠦ ᠤᠬᠠᠭᠠᠨ ᠤ ᠳᠡᠭᠡᠳᠦ ᠰᠤᠷᠭᠠᠭᠤᠯᠢ ᠶᠢᠨ ᠰᠤᠷᠤᠭᠴᠢᠳ ᠢ 3  ᠤᠳᠠᠭ᠎ᠠ  ᠵᠣᠬᠢᠶᠠᠨ  ᠪᠠᠶᠢᠭᠤᠯᠵᠤ  ᠠᠰᠠᠭᠤᠯᠲᠠ ᠵᠢᠨ‌ᠬᠠᠭᠤᠳᠠᠰᠤ ᠪᠠᠷ ᠪᠠᠶᠢᠴᠠᠭᠠᠨ ᠰᠤᠳᠤᠯᠤᠯᠲᠠ ᠬᠢᠭᠰᠡᠨ ᠦᠷ᠎ᠡ  ᠳ᠋ᠦᠩ ᠠᠴᠠ  ᠦᠵᠡᠪᠡᠯ᠂  ᠳᠡᠮᠵᠢᠯᠭᠡ ᠶᠢᠨ  ᠬᠡᠮᠵᠢᠶ᠎ᠡ ᠨᠢ  88% ᠳᠤ ᠬᠦᠷᠴᠡᠶ᠃              ᠪᠡᠭᠡᠵᠢᠩ ᠶᠡᠭᠡ ᠰᠤᠷᠭᠠᠭᠤᠯᠢ ᠶᠢᠨ ᠠᠮᠢ ᠨᠠᠰᠤᠨ ᠤ ᠰᠢᠨᠵᠢᠯᠡᠬᠦ ᠤᠬᠠᠭᠠᠨ ᠤ ᠳᠡᠭᠡᠳᠦ ᠰᠤᠷᠭᠠᠭᠤᠯᠢ ᠶᠢᠨ ᠳᠡᠳ᠋ ᠵᠠᠬᠢᠷᠤᠯ‌‍ᠸᠠᠩ ᠱᠢ ᠴᠢᠶᠠᠩ ᠬᠡᠯᠡᠬᠦ ᠳᠡᠭᠡᠨ᠂ ︽ᠨᠢᠭᠡ  ᠲᠥᠷᠥᠯ ᠤᠨ  ᠬᠢᠴᠢᠶᠡᠯ ᠳᠤ  ᠬᠡᠷᠪᠡ  85  ᠬᠤᠪᠢ ᠠᠴᠠ  ᠳᠡᠭᠡᠭᠰᠢ  ᠰᠢᠯᠭᠠᠵᠤ‌‍ᠲ᠋ᠡᠶᠢᠯᠪᠡᠯ᠂ ᠪᠢᠳᠡᠨ ᠤ ᠦᠵᠡᠬᠦ ᠪᠠᠷ ᠮᠡᠳᠡᠯᠭᠡ ᠡᠵᠡᠮᠰᠢᠭᠰᠡᠨ ᠲᠠᠯ᠎ᠠ ᠪᠠᠷ ᠨᠢᠭᠡᠨᠲᠡ  ᠬᠦᠷᠦᠯᠴᠡᠬᠦ᠋ᠢᠴᠡ  ᠰᠠᠶᠢᠨ  ᠪᠣᠯᠵᠠᠶ᠂  ᠵᠠᠪᠠᠯ‌‍ᠶᠡᠭᠡ ᠬᠦᠴᠦ ᠣᠷᠣᠭᠤᠯᠵᠤ ᠪᠠᠶᠢᠭᠠᠳ 95 ᠬᠤᠪᠢ ᠠᠴᠠ ᠳᠡᠭᠡᠭᠰᠢ ᠬᠤᠪᠢ ᠤᠯᠬᠤ ᠬᠡᠰᠡᠨ ᠴᠢᠬᠤᠯᠠ ᠥᠬᠡᠶ︾ ᠭᠡᠪᠡ᠃  ᠠᠮᠢ‌ᠨᠠᠰᠤᠨ ᠤ ᠰᠢᠨᠵᠢᠯᠡᠬᠦ ᠤᠬᠠᠭᠠᠨ ᠤ ᠳᠡᠭᠡᠳᠦ ᠰᠤᠷᠭᠠᠭᠤᠯᠢ ᠨᠢ ᠵᠢᠩᠬᠢᠨᠢ ᠠᠩᠭᠢ ᠶᠢᠨ ᠰᠣᠷᠣᠭᠴᠢ ᠳᠤ ᠵᠡᠷᠭᠡ ᠳᠡᠰ ᠤᠨ ᠲᠦᠷᠢᠮ ᠢ‌‍ᠬᠡᠷᠡᠭᠵᠢᠭᠦᠯᠵᠦ᠂ GPA ᠶᠢ ᠲᠠᠶᠠᠭᠳᠠᠬᠰᠠᠨ ᠤ ᠵᠣᠷᠢᠯᠭ᠎ᠠ ᠨᠢ ᠨᠡᠩ ᠤᠯᠠᠨ ᠴᠠᠭ ᠠᠷᠪᠢᠯᠠᠨ ᠭᠠᠷᠭᠠᠵᠤ ᠰᠤᠷᠤᠭᠴᠢᠳ ᠤᠨ ᠬᠡᠪ‌‍ᠴᠢᠨᠠᠷ ᠢ ᠨᠢ ᠳᠡᠭᠡᠭᠰᠢᠯᠡᠭᠦᠯᠬᠦ ᠶᠢᠨ ᠲᠥᠯᠥᠭᠡ ᠶᠤᠮ᠃
ᠢᠷᠡᠯᠲᠡ᠄ ᠠᠷᠠᠳ ᠤᠨ ᠰᠦᠯᠵᠢᠶ᠎ᠡ