ᠬᠥᠳᠡᠭᠡ ᠲᠣᠰᠬᠤᠨ ᠤ ᠬᠠᠮᠲᠤ ᠶᠢᠨ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠶᠢᠨ ᠬᠠᠤᠯᠢ ᠶᠢᠨ ᠲᠥᠰᠦᠯ ᠨᠢ ᠬᠥᠳᠡᠭᠡ ᠲᠣᠰᠬᠤᠨ ᠤ ᠬᠠᠮᠲᠤ ᠶᠢᠨ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠵᠢᠴᠢ ᠲᠡᠭᠦᠨ ᠤ ᠪᠦᠷᠢᠯᠳᠦᠬᠦᠨ ᠤ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠪᠤᠯᠤᠨ᠎ᠠ
ᠨᠡᠶᠢᠲᠡᠯᠡᠭᠰᠡᠨ ᠴᠠᠭ᠄
2023/12/28
       ᠰᠢᠨᠬᠤᠸᠠ ᠬᠤᠷᠢᠶᠠᠨ ᠤ ᠪᠡᠭᠡᠵᠢᠩ ᠤᠨ 12 ᠰᠠᠷ᠎ᠠ ᠶᠢᠨ 25 ᠤ ᠡᠳᠦᠷ  ᠤᠨ  ᠮᠡᠳᠡᠭᠡ  ︵ᠰᠤᠷᠪᠤᠯᠵᠢᠯᠠᠭᠴᠢ  ᠢᠦᠢ‌‍ᠴᠢᠶᠦ᠋ᠩ ᠶᠤᠸᠠᠨ᠂ ᠢᠦᠢ ᠸᠧᠨ ᠵᠢᠩ︶ ᠬᠥᠳᠡᠭᠡ ᠲᠣᠰᠬᠤᠨ ᠤ ᠬᠠᠮᠲᠤ ᠶᠢᠨ ᠠᠵᠤ ᠠᠬᠤᠢ ᠶᠢᠨ ᠵᠣᠬᠢᠶᠠᠨ  ᠪᠠᠶᠢᠭᠤᠯᠤᠯᠲᠠ ᠵᠢᠨ‌ᠬᠠᠤᠯᠢ ᠶᠢᠨ  ᠲᠥᠰᠦᠯ ᠢ  25 ᠤ  ᠡᠳᠦᠷ  ᠪᠦᠬᠦ  ᠤᠯᠤᠰ ᠤᠨ  ᠠᠷᠠᠳ ᠤᠨ  ᠲᠥᠯᠥᠭᠡᠯᠡᠭᠴᠢᠳ ᠤᠨ  ᠶᠡᠭᠡ   ᠬᠤᠷᠠᠯ ‍ᠤᠨ‌‍ᠪᠠᠶᠢᠩᠭᠤ ᠶᠢᠨ ᠬᠤᠷᠢᠶᠠᠨ ᠤ ᠬᠤᠷᠠᠯ ᠳᠤ ᠳᠡᠪᠰᠢᠭᠦᠯᠵᠦ ᠬᠤᠶᠠᠳᠠᠬᠢ ᠤᠳᠠᠭ᠎ᠠ ᠬᠢᠨᠠᠨ ᠵᠥᠪᠯᠡᠭᠦᠯᠪᠡ᠃ ᠲᠥᠰᠦᠯ ᠤᠨ  ᠬᠤᠶᠠᠳᠠᠬᠢ‌‍ᠬᠢᠨᠠᠯᠲᠠ ᠶᠢᠨ ᠨᠤᠤᠷᠠᠭ ᠲᠤ ᠬᠥᠳᠡᠭᠡ ᠲᠣᠰᠬᠤᠨ ᠤ ᠬᠠᠮᠲᠤ ᠶᠢᠨ ᠠᠵᠤ ᠠᠬᠤᠶ ᠶᠢᠨ ᠵᠣᠬᠢᠶᠠᠨ ᠪᠠᠶᠢᠭᠤᠯᠤᠯᠲᠠ ᠵᠢᠴᠢ  ᠲᠡᠭᠦᠨ ‍ᠤ‌‍ᠪᠦ᠋ᠷᠢᠯᠳᠦᠬᠦᠨ ᠤ ᠬᠠᠤᠯᠢ ᠶᠣᠰᠣᠨ ᠤ ᠡᠷᠬᠡ ᠠᠰᠢᠭ ᠢ ᠤᠯᠠᠮ ᠴᠢᠨᠠᠬᠰᠢᠳᠠ ᠬᠠᠮᠠᠭᠠᠯᠠᠨ᠎ᠡ ᠭᠡᠪᠡ᠃               ᠲᠥᠰᠦᠯ ᠤᠨ ᠨᠢᠭᠡᠳᠡᠬᠢ ᠬᠢᠨᠠᠯᠲᠠ ᠶᠢᠨ ᠨᠤᠤᠷᠠᠭ ᠲᠤ ᠴᠢᠭᠯᠡᠭᠦᠯᠦᠨ᠂ ᠬᠤᠯᠪᠣᠭᠳᠠᠯ  ᠪᠥᠬᠦᠶ  ᠰᠠᠯᠠᠭ᠎ᠠ  ᠮᠥᠴᠢᠷ  ᠪᠠ‌ᠣᠷᠣᠨ ᠨᠤᠲᠤᠭ ᠤᠨ ᠰᠠᠨᠠᠭᠤᠯᠭ᠎ᠠ ᠶᠢ ᠦᠨᠳᠦᠰᠦᠯᠡᠵᠦ᠂ ᠲᠥᠰᠦᠯ ᠤᠨ ᠬᠤᠶᠠᠳᠠᠬᠢ  ᠬᠢᠨᠠᠯᠲᠠ ᠶᠢᠨ  ᠨᠤᠤᠷᠠᠭ ᠲᠤ  ︽ᠬᠥᠳᠡᠭᠡ‌‍ᠲ᠋ᠣᠰᠬᠤᠨ ᠤ ᠰᠢᠨ᠎ᠡ ᠬᠡᠯᠪᠡᠷᠢ ᠶᠢᠨ ᠬᠠᠮᠲᠤ ᠶᠢᠨ ᠠᠵᠤ  ᠠᠬᠤᠶ︾ ᠶᠢ  ᠬᠥᠭᠵᠢᠭᠦᠯᠵᠦ᠂  ᠬᠥᠳᠡᠭᠡ  ᠲᠣᠰᠬᠤᠨ ᠤ  ᠬᠠᠮᠲᠤ ᠵᠢᠨ‌ᠥᠮᠴᠢᠯᠡᠯ ᠤᠨ ᠡᠷᠬᠡ ᠶᠢᠨ ᠲᠦᠷᠢᠮ ᠤᠨ ᠥᠭᠡᠷᠡᠴᠢᠯᠡᠯᠲᠡ ᠶᠢᠨ ᠦᠷ᠎ᠡ ᠪᠦᠲᠦᠭᠡᠯ ᠢ ᠨᠠᠩ ᠰᠠᠶᠢᠲᠤᠷ ᠢᠯᠡᠷᠡᠭᠦᠯᠬᠦ ᠬᠡᠷᠡᠭᠲᠡᠶ ᠭᠡᠵᠦ‌‍ᠲ᠋ᠣᠳᠣᠷᠬᠠᠶ ᠲᠣᠭᠲᠠᠭᠠᠵᠠᠶ︔  ᠡᠭᠦᠨ ᠤ  ᠵᠡᠷᠭᠡ ᠳᠤ᠂  ᠬᠥᠳᠡᠭᠡ  ᠲᠣᠰᠬᠤᠨ ᠤ  ᠬᠠᠮᠲᠤ ᠶᠢᠨ  ᠠᠵᠤ  ᠠᠬᠤᠶ ᠶᠢᠨ  ᠵᠣᠬᠢᠶᠠᠨ‌‍ᠪᠠᠶᠢᠭᠤᠯᠤᠯᠲᠠ ᠨᠢ ᠡᠬᠢ ᠪᠠᠶᠠᠯᠢᠭ ᠢ ᠳᠠᠭᠠᠭᠠᠴᠢᠯᠠᠭᠤᠯᠬᠤ᠂ ᠠᠳᠠᠯ ᠠᠬᠤᠶ ᠶᠢ ᠲᠦᠷᠢᠶᠡᠰᠦᠯᠡᠭᠦᠯᠬᠦ᠂ ᠵᠠᠭᠤᠴᠢᠯᠠᠬᠤ  ᠦᠢᠯᠡᠴᠢᠯᠡᠭᠡ‌‍ᠬᠢᠬᠦ᠂ ᠡᠵᠡᠩᠨᠡᠯᠲᠡ ᠶᠢᠨ ᠴᠢᠨᠠᠷᠲᠠᠶ ᠡᠳ᠋ ᠬᠥᠷᠥᠩᠭᠡ ᠶᠢᠨ ᠬᠤᠪᠢ ᠣᠷᠣᠭᠤᠯᠬᠤ ᠵᠡᠷᠭᠡ ᠣᠯᠠᠨ ᠶᠠᠩᠵᠤ ᠶᠢᠨ  ᠠᠷᠭ᠎ᠠ  ᠵᠠᠮ ᠵᠶ᠋ᠠᠷ‌‍ᠲ᠋ᠠᠮᠵᠢᠭᠤᠯᠤᠨ ᠬᠥᠳᠡᠭᠡ ᠲᠣᠰᠬᠤᠨ ᠤ ᠰᠢᠨ᠎ᠡ  ᠮᠠᠶ᠋ᠢᠭ ᠤᠨ  ᠬᠠᠮᠲᠤ ᠶᠢᠨ  ᠠᠵᠤ  ᠠᠬᠤᠶ ᠶᠢ  ᠬᠥᠭᠵᠢᠭᠦᠯᠵᠦ  ᠪᠣᠯᠤᠨ᠎ᠠ  ᠭᠡᠵᠦ‌‍ᠲ᠋ᠣᠳᠣᠷᠬᠠᠶ ᠲᠣᠭᠲᠠᠭᠠᠵᠠᠶ᠃                 ᠲᠥᠰᠦᠯ ᠤᠨ ᠬᠤᠶᠠᠳᠠᠬᠢ ᠬᠢᠨᠠᠯᠲᠠ ᠶᠢᠨ ᠨᠤᠤᠷᠠᠭ ᠲᠤ᠂ ᠬᠥᠳᠡᠭᠡ  ᠲᠣᠰᠬᠤᠨ ᠤ  ᠬᠠᠮᠲᠤ ᠶᠢᠨ  ᠠᠵᠤ  ᠠᠬᠤᠶ ᠵᠢᠨ‌ᠵᠣᠬᠢᠶᠠᠨ  ᠪᠠᠶᠢᠭᠤᠯᠤᠯᠲᠠ ᠶᠢᠨ  ᠪᠦᠷᠢᠯᠳᠦᠬᠦᠨ ᠨᠢ  ᠰᠤᠷᠭᠠᠭᠤᠯᠢ ᠳᠤ  ᠣᠷᠣᠬᠤ᠂  ᠠᠯᠪᠠ  ᠬᠠᠭᠠᠬᠤ᠂  ᠬᠦᠴᠦ   ᠶᠠᠪᠤᠬᠤ᠂ᠬᠤᠳᠠᠯᠳᠤᠭ᠎ᠠ ᠡᠷᠭᠢᠯᠡᠬᠦ᠂ ᠡᠷᠡᠭᠦᠦ ᠬᠦᠢᠴᠡᠳᠬᠡᠬᠦ᠂ ᠬᠤᠯᠪᠤᠰᠤ ᠪᠠᠨ ᠠᠯᠳᠠᠬᠤ᠂ ᠣᠷᠤᠭ ᠰᠠᠯᠬᠤ ᠵᠡᠷᠭᠡ ᠰᠢᠯᠲᠠᠭᠠᠨ ᠠᠴᠠ ᠪᠣᠯᠵᠣ‌‍ᠬᠥ᠋ᠳᠡᠭᠡ ᠲᠣᠰᠬᠤᠨ ᠤ ᠬᠠᠮᠲᠤ ᠶᠢᠨ ᠠᠵᠤ  ᠠᠬᠤᠶ ᠶᠢᠨ  ᠵᠣᠬᠢᠶᠠᠨ  ᠪᠠᠶᠢᠭᠤᠯᠤᠯᠲᠠ ᠶᠢᠨ  ᠪᠦᠷᠢᠯᠳᠦᠬᠦᠨ ᠤ  ᠬᠢᠷᠢ  ᠬᠡᠮ ᠵᠶ᠋ᠠᠨ‌ᠠᠯᠳᠠᠬᠤ ᠥᠬᠡᠶ᠃ ᠬᠥᠳᠡᠭᠡ ᠲᠣᠰᠬᠤᠨ ᠤ ᠬᠠᠮᠲᠤ ᠶᠢᠨ ᠠᠵᠤ ᠠᠬᠤᠢ ᠶᠢᠨ ᠵᠣᠬᠢᠶᠠᠨ  ᠪᠠᠶᠢᠭᠤᠯᠤᠯᠲᠠ ᠶᠢᠨ  ᠪᠦᠷᠢᠯᠳᠦᠬᠦᠨ ᠨᠢ‌ᠤᠷᠤᠭᠯᠠᠭᠠᠳ  ᠰᠢᠨ᠎ᠡ  ᠰᠠᠭᠤᠷᠢᠰᠢᠬᠤ  ᠭᠠᠵᠠᠷ ᠤᠨ  ᠬᠥᠳᠡᠭᠡ  ᠲᠣᠰᠬᠤᠨ ᠤ  ᠬᠠᠮᠲᠤ ᠶᠢᠨ  ᠠᠵᠤ  ᠠᠬᠤᠢ ᠶᠢᠨ  ᠵᠣᠬᠢᠶᠠᠨ‌‍ᠪᠠᠶᠢᠭᠤᠯᠤᠯᠲᠠ ᠳᠤ ᠪᠦᠷᠢᠯᠳᠦᠬᠦᠨ ᠤ ᠬᠢᠷᠢ ᠬᠡᠮ  ᠣᠯᠤᠭᠰᠠᠨ  ᠦᠭᠡᠢ  ᠳᠤ  ᠬᠦᠷᠪᠡᠯ᠂  ᠤᠤᠯ ᠤᠨ  ᠬᠥᠳᠡᠭᠡ  ᠲᠣᠰᠬᠤᠨ ‍ᠤ‌ᠬᠠᠮᠲᠤ ᠶᠢᠨ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠨᠢ ᠪᠦᠷᠢᠯᠳᠦᠬᠦᠨ ᠤ ᠬᠢᠷᠢ ᠬᠡᠮ ᠢ ᠨᠢ ᠬᠠᠰᠤᠵᠤ ᠪᠣᠯᠬᠤ ᠦᠭᠡᠢ ᠭᠡᠵᠦ‌‍ᠲ᠋ᠣᠭᠲᠠᠭᠠᠪᠠ᠃               ᠲᠥᠰᠦᠯ ᠤᠨ ᠬᠤᠶᠠᠳᠠᠬᠢ ᠬᠢᠨᠠᠯᠲᠠ ᠶᠢᠨ ᠨᠤᠤᠷᠠᠭ ᠲᠤ ᠪᠠᠰᠠ ᠬᠥᠳᠡᠭᠡ ᠲᠣᠰᠬᠤᠨ ᠤ ᠬᠠᠮᠲᠤ ᠶᠢᠨ ᠠᠵᠤ ᠠᠬᠤᠶ ᠵᠢᠨ‌ᠵᠣᠬᠢᠶᠠᠨ   ᠪᠠᠶᠢᠭᠤᠯᠤᠯᠲᠠ ᠶᠢᠨ   ᠪᠦᠷᠢᠯᠳᠦᠬᠦᠨ ᠤ   ᠶᠡᠭᠡ   ᠬᠤᠷᠠᠯ ᠢ   ᠬᠤᠷᠠᠯᠳᠤᠭᠤᠯᠬᠤ   ᠲᠦᠷᠢᠮ ᠢ   ᠲᠣᠭᠲᠠᠭᠠᠪᠠ᠂︽ᠪᠦᠷᠢᠯᠳᠦᠬᠦᠨ ᠨᠢ ᠲᠤᠬᠠᠶ ᠶᠢᠨ ᠲᠠᠯᠠᠪᠤᠷ ᠲᠤ ᠬᠤᠷᠠᠯ ᠳᠤ ᠣᠷᠣᠯᠴᠠᠬᠤ ᠶᠢᠨ ᠠᠷᠭ᠎ᠠ ᠥᠬᠡᠶ ᠳᠤ ᠬᠦᠷᠪᠡᠯ᠂ ᠳᠠᠷᠤᠶ  ᠲᠦᠷᠭᠡᠨ‌ᠮᠡᠳᠡᠭᠡ ᠬᠤᠯᠪᠣᠭᠠᠨ ᠤ ᠪᠠᠭᠠᠵᠢ ᠪᠠᠷ ᠳᠡᠮᠵᠢᠨ ᠰᠦᠯᠵᠢᠶᠡᠨ ᠳᠡᠭᠡᠷ᠎ᠡ ᠬᠤᠷᠠᠯ ᠳᠤ ᠣᠷᠣᠯᠴᠠᠵᠤ  ᠪᠣᠯᠤᠨ᠎ᠠ᠃  ᠡᠭᠦᠨ ᠤ  ᠬᠠᠮᠲᠤ᠂ᠲᠥᠰᠦᠯ ᠤᠨ ᠬᠤᠶᠠᠳᠠᠬᠢ ᠬᠢᠨᠠᠯᠲᠠ ᠶᠢᠨ  ᠨᠤᠤᠷᠠᠭ ᠲᠤ  ᠪᠦᠷᠢᠯᠳᠦᠬᠦᠨ ᠤ  ᠲᠥᠯᠥᠭᠡᠯᠡᠭᠴᠢᠳ ᠤᠨ  ᠶᠡᠭᠡ  ᠬᠤᠷᠠᠯ  ᠵᠡᠷᠭᠡ ᠵᠢ‌‍ᠪᠠᠶᠢᠭᠤᠯᠬᠤ ᠲᠤᠬᠠᠶ  ︽ᠪᠦᠷᠢᠯᠳᠦᠬᠦᠨ ᠤ  ᠲᠥᠯᠥᠭᠡᠯᠡᠭᠴᠢᠳ ᠤᠨ  ᠶᠡᠭᠡ  ᠬᠤᠷᠠᠯ ᠳᠤ  ᠨᠢᠭᠡ  ᠬᠥᠮᠦᠨ  ᠨᠢᠭᠡ  ᠪᠢᠯᠧᠲ ᠵᠶ᠋ᠠᠷ‌‍ᠪᠠᠲᠤᠯᠠᠬᠤ ᠠᠷᠭ᠎ᠠ ᠬᠡᠯᠪᠡᠷᠢ ᠶᠢ ᠬᠡᠷᠡᠭᠵᠢᠭᠦᠯᠦᠨ᠎ᠡ︾ ᠭᠡᠵᠦ ᠲᠣᠭᠲᠠᠭᠠᠵᠠᠶ᠃
ᠢᠷᠡᠯᠲᠡ᠄ ᠠᠷᠠᠳ ᠤᠨ ᠰᠦᠯᠵᠢᠶ᠎ᠡ