ᠭᠠᠨᠰᠤ ᠬᠥᠬᠡᠨᠠᠭᠤᠷ ᠮᠤᠵᠢ ᠶᠢᠨ ᠭᠠᠵᠠᠷ ᠬᠥᠳᠡᠯᠦᠯᠲᠡ ᠳᠤ ᠭᠠᠮᠰᠢᠭᠳᠠᠭᠰᠠᠨ ᠣᠷᠣᠨ ᠢ ᠪᠦᠬᠦ ᠬᠦᠴᠦᠨ ᠢᠶᠠᠷ ᠢᠶᠠᠨ ᠲᠤᠰᠠᠯᠠᠵᠤ ᠪᠠᠶᠢᠨ᠎ᠠ
ᠨᠡᠶᠢᠲᠡᠯᠡᠭᠰᠡᠨ ᠴᠠᠭ᠄
2023/12/21
        ᠭᠠᠨᠰᠤ ᠮᠤᠵᠢ ᠶᠢᠨ ᠯᠢᠨ ᠰᠢᠶᠠ ᠵᠸᠦ ᠶᠢᠨ ᠵᠢᠢ ᠱᠢ ᠱᠠᠨ ᠰᠢᠶᠠᠨ ᠳᠤ 6.2  ᠳᠡᠰ ᠤᠨ  ᠭᠠᠵᠠᠷ  ᠬᠥᠳᠡᠯᠦᠭᠰᠡᠨ ‍ᠦ‌‍ᠲ᠋ᠠᠷᠠᠭ᠎ᠠ᠂ ᠤᠯᠤᠰ ᠤᠨ ᠭᠠᠵᠠᠷ ᠬᠥᠳᠡᠯᠦᠯᠲᠡ ᠶᠢ  ᠪᠠᠴᠢᠮ  ᠠᠷᠭᠠᠴᠠᠭᠠᠵᠤ  ᠬᠠᠷᠢᠭᠤ  ᠲᠤᠰᠬᠠᠯ  ᠭᠠᠷᠭᠠᠬᠤ  ᠪᠠ  ᠤᠯᠤᠰ ‍ᠤᠨ‌ᠭᠠᠮᠰᠢᠭ ᠠᠴᠠ ᠠᠪᠤᠷᠠᠬᠤ ᠳᠤ ᠲᠦᠷᠭᠡᠨ ᠲᠤᠰᠬᠠᠯ ᠭᠠᠷᠭᠠᠬᠤ ᠳᠡᠰ ᠢ ᠲᠤᠰ  ᠲᠤᠰ  ᠳᠡᠭᠡᠭᠰᠢᠯᠡᠭᠦᠯᠵᠦ  ᠬᠤᠶᠠᠳᠤᠭᠠᠷ  ᠳᠡᠰ ᠲᠦ‌‍ᠬᠦ᠋ᠷᠭᠡᠵᠦ᠂ ᠤᠯᠤᠰ ᠤᠨ ᠭᠠᠮᠰᠢᠭ ᠠᠴᠠ ᠰᠡᠷᠭᠡᠶᠢᠯᠡᠨ  ᠬᠤᠬᠢᠷᠠᠯ ᠢ  ᠪᠠᠭᠠᠰᠬᠠᠬᠤ  ᠺᠣᠮᠢᠰ᠂  ᠪᠠᠴᠢᠮ  ᠪᠠᠶᠢᠳᠠᠯ ᠢ  ᠠᠷᠭᠠᠴᠠᠭᠠᠨ‌ᠬᠠᠮᠢᠶᠠᠷᠬᠤ ᠶᠠᠮᠤᠨ ᠤ ᠬᠢᠨ ᠤᠯᠤᠰ ᠤᠨ ᠠᠮᠤ ᠪᠤᠳᠠᠭ᠎ᠠ ᠪᠠ ᠡᠳ᠋ ᠪᠣᠳᠠᠰ ᠤᠨ ᠬᠠᠳᠠᠭᠠᠯᠠᠮᠵᠢ ᠶᠢᠨ ᠲᠣᠪᠴᠢᠶ᠎ᠠ ᠲᠠᠢ ᠬᠠᠮᠲᠤᠷᠠᠵᠤ᠂ᠲᠥᠪ ᠤᠨ ᠭᠠᠮᠰᠢᠭ ᠠᠴᠠ ᠠᠪᠤᠷᠠᠨ ᠲᠤᠰᠠᠯᠠᠬᠤ ᠡᠳ᠋ ᠪᠣᠳᠠᠰ ᠢ ᠶᠠᠭᠠᠷᠠᠯᠲᠠᠢ ᠨᠡᠮᠡᠨ ᠲᠣᠬᠢᠷᠠᠭᠤᠯᠵᠤ᠂ ᠭᠠᠮᠰᠢᠭᠳᠠᠭᠰᠠᠨ ᠣᠷᠣᠨ ‍ᠤ‌ᠭᠠᠵᠠᠷ ᠬᠥᠳᠡᠯᠦᠯᠲᠡ ᠲᠠᠢ ᠲᠡᠮᠡᠴᠡᠵᠦ ᠭᠠᠮᠰᠢᠭ ᠠᠴᠠ ᠠᠪᠤᠷᠠᠨ ᠲᠤᠰᠠᠯᠠᠬᠤ ᠠᠵᠢᠯ ᠢ ᠰᠠᠶᠢᠨ ᠬᠢᠬᠦ ᠳᠤ ᠪᠦᠬᠦ ᠬᠦᠴᠦᠨ ᠢᠶᠠᠷ ᠵᠶ᠋ᠡᠨ‌‍ᠲ᠋ᠤᠰᠠᠯᠠᠵᠤ ᠪᠠᠶᠢᠨ᠎ᠠ᠃                                ᠣᠷᠣᠨ  ᠨᠤᠲᠤᠭ ᠤᠨ  ᠭᠠᠮᠰᠢᠭ ᠠᠴᠠ  ᠠᠪᠤᠷᠠᠨ  ᠲᠤᠰᠠᠯᠠᠬᠤ   ᠬᠡᠷᠡᠭᠴᠡᠭᠡ ᠶᠢ   ᠦᠨᠳᠦᠰᠦᠯᠡᠨ᠂   ᠤᠯᠤᠰ ‍ᠤᠨ‌ᠭᠠᠮᠰᠢᠭ ᠠᠴᠠ ᠰᠡᠷᠭᠡᠶᠢᠯᠡᠨ ᠭᠠᠮᠰᠢᠭ ᠤᠨ  ᠬᠤᠬᠢᠷᠠᠯ ᠢ  ᠪᠠᠭᠠᠰᠬᠠᠨ  ᠭᠠᠮᠰᠢᠭ ᠠᠴᠠ  ᠠᠪᠤᠷᠠᠨ  ᠲᠤᠰᠠᠯᠠᠬᠤ  ᠺᠣᠮᠢᠰ᠂  ᠪᠠᠴᠢᠮ‌‍ᠪᠠᠶᠢᠳᠠᠯ ᠢ ᠠᠷᠭᠠᠴᠠᠭᠠᠨ ᠬᠠᠮᠢᠶᠠᠷᠬᠤ ᠶᠠᠮᠤᠨ ᠤ ᠬᠢᠨ ᠤᠯᠤᠰ ᠤᠨ ᠠᠮᠤ  ᠪᠤᠳᠠᠭ᠎ᠠ  ᠪᠠ  ᠡᠳ᠋  ᠪᠣᠳᠠᠰ ᠤᠨ  ᠬᠠᠳᠠᠭᠠᠯᠠᠮᠵᠢ ᠵᠢᠨ‌‍ᠲ᠋ᠣᠪᠴᠢᠶ᠎ᠠ ᠲᠠᠢ ᠬᠠᠮᠲᠤᠷᠠᠨ ᠡᠮᠦᠨ᠎ᠡ ᠬᠤᠭᠤᠴᠠᠭᠠᠨ ᠳᠤ ᠭᠠᠨᠰᠤ ᠮᠤᠵᠢ ᠶᠢᠨ ᠭᠠᠮᠰᠢᠭᠳᠠᠭᠰᠠᠨ ᠣᠷᠣᠨ ᠳᠤ ᠨᠢᠭᠡᠨᠲᠡ 9 ᠲᠦᠮᠡᠨ‌‍ᠰᠢᠷᠬᠡᠭ ᠲᠥᠪ ᠤᠨ ᠭᠠᠮᠰᠢᠭ ᠠᠴᠠ ᠠᠪᠤᠷᠠᠨ ᠲᠤᠰᠠᠯᠠᠬᠤ ᠡᠳ᠋ ᠪᠣᠳᠠᠰ ᠢ ᠲᠣᠬᠢᠷᠠᠭᠤᠯᠤᠭᠰᠠᠨ  ᠤ ᠰᠠᠭᠤᠷᠢᠨ  ᠳᠡᠭᠡᠷ᠎ᠡ᠂  ᠭᠠᠨᠰᠤ‌ᠮᠤᠵᠢ ᠳᠤ ᠪᠠᠰᠠ ᠭᠤᠷᠪᠠᠨ ᠪᠦᠯᠦᠭ 2 ᠲᠦᠮᠡ 2000 ᠰᠢᠷᠬᠡᠭ  ᠲᠥᠪ ᠤᠨ  ᠭᠠᠮᠰᠢᠭ ᠠᠴᠠ  ᠠᠪᠤᠷᠠᠨ  ᠲᠤᠰᠠᠯᠠᠬᠤ  ᠡᠳ᠋‌‍ᠪᠣᠳᠠᠰ ᠢ ᠨᠡᠮᠡᠵᠦ ᠲᠣᠬᠢᠷᠠᠭᠤᠯᠤᠭᠰᠠᠨ ᠪᠠᠶᠢᠨ᠎ᠠ᠃
ᠢᠷᠡᠯᠲᠡ᠄ ᠠᠷᠠᠳ ᠤᠨ ᠰᠦᠯᠵᠢᠶ᠎ᠡ