ᠰᠠᠷᠳᠠᠭᠤᠯ ᠤᠨ ᠬᠦᠬᠡ ᠠᠭᠤᠯᠠ ᠳᠤ
ᠨᠡᠶᠢᠲᠡᠯᠡᠭᠰᠡᠨ ᠴᠠᠭ᠄
2023/12/19
     ᠰᠢᠷᠭ᠎ᠠ ᠴᠠᠭᠠᠨ ᠨᠠᠷᠠ     ᠰᠢᠷᠡᠭᠡᠳ ᠤᠨ ᠲᠡᠭᠡᠬᠦᠷ ᠠᠮᠢᠰᠬᠤᠯᠯᠠᠨ ᠴᠠᠩᠭᠠᠬᠤ ᠳᠤ     ᠰᠠᠷᠳᠠᠭᠤᠯ ᠤᠨ ᠬᠦᠬᠡ ᠠᠭᠤᠯᠠᠨ ᠳᠤ     ᠱᠠ ᠬᠦᠰᠢᠭᠡ ᠨᠠᠮᠢᠷᠠᠭᠤᠯᠤᠭᠰᠠᠨ ᠰᠠᠶᠢᠬᠠᠨ ᠪᠤᠷᠤᠭ᠎ᠠ ᠲᠠᠢ     ᠰᠤᠯᠤᠩᠭᠠᠨ ᠬᠦᠬᠡ ᠲᠤᠭᠤᠷᠤᠤ     ᠰᠠᠨᠰᠠᠷ ᠤᠨ ᠴᠡᠭᠡᠯ ᠢᠶᠠᠷ ᠬᠤᠷ᠎ᠠ ᠲᠠᠭᠤᠳᠠᠬᠤ ᠳᠤ     ᠰᠠᠷᠳᠠᠭᠤᠯ ᠤᠨ ᠬᠦᠬᠡ ᠠᠭᠤᠯᠠᠨ ᠳᠤ     ᠰᠠᠷᠯᠤᠭ ᠬᠠᠷ᠎ᠠ ᠡᠬᠦᠯᠡᠰ ᠨᠡᠳᠦᠶᠢᠭᠰᠡᠨ ᠨᠦᠮᠤᠷᠭᠡᠨ ᠲᠠᠢ     ᠬᠤᠰᠢᠭᠤ ᠬᠤᠷᠭᠤᠢ ᠬᠦᠨᠳᠡᠢ     ᠬᠤᠨᠢᠳ ᠢᠶᠠᠷ ᠰᠤᠪᠤᠳ ᠰᠠᠴᠤᠨ ᠠᠰᠬᠠᠷᠠᠭᠤᠯᠬᠤ ᠳᠤ     ᠰᠠᠷᠳᠠᠭᠤᠯ ᠤᠨ ᠬᠦᠬᠡ ᠠᠭᠤᠯᠠᠨ ᠳᠤ     ᠰᠠᠴᠤᠭ ᠲᠤᠯᠤᠭᠠᠶᠢᠳᠤ ᠦᠪᠤᠭᠡᠯᠵᠢ ᠢᠷᠠᠭᠤ ᠲᠤᠩᠭᠤᠳᠤᠭᠠᠨ ᠲᠠᠢ     ᠬᠤᠨᠳᠡᠨ ᠰᠢᠷ᠎ᠡ ᠡᠷᠪᠡᠭᠡᠢ     ᠬᠤᠳᠳᠤᠭ ᠤᠨ ᠱᠠᠯᠪᠠᠭ ᠴᠡᠴᠡᠭᠯᠡᠬᠦᠯᠤᠨ ᠪᠦᠵᠢᠬᠦ ᠳᠤ     ᠰᠠᠷᠳᠠᠭᠤᠯ ᠤᠨ ᠬᠦᠬᠡ ᠠᠭᠤᠯᠠᠨ ᠳᠤ     ᠰᠢᠬᠦᠳᠡᠷᠢ ᠬᠤᠨᠳᠠᠭᠠᠯᠠᠭᠰᠠᠨ ᠵᠦᠭᠡᠯᠡᠨ ᠮᠡᠯᠳᠡᠭᠡᠨᠡᠭᠡᠨ ᠲᠠᠢ     ᠮᠦᠩᠬᠦᠨ ᠴᠠᠭᠠᠨ ᠰᠠᠷᠠ     ᠮᠦᠷᠤᠭᠡᠳᠤᠯ ᠤᠨ ᠬᠤᠶᠢᠮᠤᠷ ᠮᠦᠯᠴᠢᠷᠬᠡᠨ ᠭᠡᠶᠢᠭᠡᠬᠦᠯᠬᠦ ᠳᠤ     ᠰᠠᠷᠳᠠᠭᠤᠯ ᠤᠨ ᠬᠦᠬᠡ ᠠᠭᠤᠯᠠᠨ ᠳᠤ     ᠰᠠᠶᠢᠬᠠᠨ ᠴᠢᠨᠤ ᠮᠢᠨᠢ ᠦᠬᠦᠭᠡᠷᠭᠡᠨ ᠰᠢᠪᠠᠭᠤᠳ ᠨᠦᠢᠷᠰᠤᠭᠠᠨ ᠲᠠᠢ     ᠮᠠᠷᠠᠯ ᠭᠤᠷᠪᠠᠨ ᠤᠳᠤ     ᠮᠠᠶᠢᠬᠠᠨ ᠤ ᠡᠬᠦᠳᠡ ᠤᠷᠤᠭᠤ ᠰᠤᠪᠤᠷᠡᠨ ᠭᠤᠳᠦ᠋ᠢᠬᠤ ᠳᠤ     ᠰᠠᠷᠳᠠᠭᠤᠯ ᠤᠨ ᠬᠦᠬᠡ ᠠᠭᠤᠯᠠᠨ ᠳᠤ     ᠰᠠᠭᠠᠬᠠᠯᠳᠡ ᠶᠢᠨ ᠬᠠᠳᠤᠯᠠᠩᠴᠢᠳ ᠪᠤᠬᠠᠯ ᠲᠡᠷᠡᠯᠡᠭᠰᠡᠨ ᠲᠤᠭᠵᠢᠷᠠᠭᠠᠨ ᠲᠠᠢ     ᠬᠤᠩᠭᠤᠷ ᠶᠠᠭᠠᠨ ᠦᠤᠷ     ᠬᠠᠪᠢ ᠶᠢᠨ ᠲᠤᠯᠤᠭᠠᠳ ᠢᠶᠠᠷ ᠭᠡᠷᠡᠯᠳᠤᠨ ᠮᠠᠨᠳᠤᠬᠤ ᠳᠤ     ᠰᠠᠷᠳᠠᠭᠤᠯ ᠤᠨ ᠬᠦᠬᠡ ᠠᠭᠤᠯᠠᠨ ᠳᠤ     ᠰᠡᠷᠬᠦᠯᠠᠩ ᠰᠢᠪᠠᠭᠤᠳ ᠤᠨ ᠤᠶᠠᠩᠭ᠎ᠠ ᠲᠤᠤᠯᠢᠶᠠᠨ ᠵᠢᠷᠭᠢᠭᠡᠨ ᠲᠠᠢ     ᠬᠤᠯᠠᠨ ᠴᠢᠬᠢᠳᠤ ᠠᠳᠤᠭᠤ     ᠬᠤᠨᠤᠭᠰᠠᠨ ᠭᠠᠵᠠᠷ ᠢᠶᠠᠨ ᠡᠪᠰᠢᠶᠡᠨ ᠰᠤᠨᠢᠶᠠᠬᠤ ᠳᠤ     ᠰᠠᠷᠳᠠᠭᠤᠯ ᠤᠨ ᠬᠦᠬᠡ ᠠᠭᠤᠯᠠᠨ ᠳᠤ     ᠰᠠᠶᠢᠬᠠᠨ ᠡᠳᠤᠷ ᠤᠨ ᠴᠢᠯᠡᠭᠡ ᠪᠡᠷᠬᠡᠰᠢᠶᠡᠯ ᠦᠭᠡᠢ ᠠᠭᠤᠵᠢᠷᠠᠭᠠᠨ ᠲᠠᠢ᠃ 
ᠢᠷᠡᠯᠲᠡ᠄ ᠣᠷᠳᠣᠰ ᠮᠣᠩᠭᠤᠯ ᠰᠦᠯᠵᠢᠶ᠎ᠡ