ᠬᠡᠦᠬᠡᠳ ᠨᠢᠳᠦ ᠪᠠᠷ ᠢᠶᠠᠨ ᠭᠡᠷ ᠪᠦᠯᠢ ᠶᠢᠨ ᠬᠦᠴᠦᠷᠬᠡᠭᠯᠡᠯ ᠢ ᠦᠵᠡᠬᠦ ᠨᠢ ᠪᠠᠰᠠ ᠭᠡᠷ ᠪᠦᠯᠢ ᠶᠢᠨ ᠬᠦᠴᠦᠷᠬᠡᠭᠯᠡᠯ ᠤᠨ ᠬᠤᠬᠢᠷᠠᠯ ᠢ ᠠᠮᠰᠠᠵᠤ ᠪᠠᠶᠢᠭ᠎ᠠ ᠶᠠᠪᠤᠳᠠᠯ ᠮᠦᠨ︕
ᠨᠡᠶᠢᠲᠡᠯᠡᠭᠰᠡᠨ ᠴᠠᠭ᠄
2023/12/12
       ᠨᠠᠰᠤᠨ ᠳᠤ ᠤᠢᠯᠦ ᠬᠦᠷᠦᠭᠰᠡᠦᠠ ᠢ ᠬᠠᠮᠠᠭᠠᠯᠠᠬᠤ ᠬᠠᠤᠯᠢ ᠶᠢᠨ  ᠬᠤᠷᠢᠨ  ᠳᠥᠷᠪᠡᠳᠦᠭᠡᠷ  ᠵᠦᠢᠯ ᠳᠤ᠂  ᠨᠠᠰᠤᠨ ᠳ᠋ᠤ᠋‌ᠤᠢᠯᠦ ᠬᠦᠷᠦᠭᠰᠡᠦᠠ ᠢ ᠪᠤᠯᠢᠶᠠᠯᠴᠠᠬᠤ ᠪᠤᠶᠤ ᠨᠢᠭᠤᠨ ᠳᠠᠯᠳᠠᠯᠠᠬᠤ ᠵᠡᠷᠭᠡ  ᠠᠷᠭ᠎ᠠ  ᠮᠠᠶ᠋ᠢᠭ ᠢᠶᠠᠷ  ᠠᠰᠠᠷᠠᠨ  ᠲᠡᠵᠢᠭᠡᠬᠦ  ᠡᠷᠬᠡ ᠵᠢ‌‍ᠪᠤᠯᠢᠶᠠᠯᠳᠤᠵᠤ ᠪᠣᠯᠬᠤ ᠤᠢᠭᠡᠢ᠃ ᠨᠠᠰᠤᠨ ᠳᠤ  ᠬᠦᠷᠦᠭᠡᠳᠦᠢ  ᠦᠷ᠎ᠡ  ᠬᠡᠦᠬᠡᠳ ᠢᠶᠠᠨ  ᠪᠤᠯᠢᠶᠠᠯᠴᠠᠬᠤ᠂  ᠨᠢᠭᠤᠨ  ᠳᠠᠯᠳᠠᠯᠠᠬᠤ‌ᠠᠵᠢᠯᠯᠠᠭ᠎ᠠ ᠨᠢ ᠡᠴᠢᠭᠡ ᠡᠭᠡ ᠶᠢᠨ ᠬᠢᠨᠢ ᠨᠦᠬᠦᠭᠡ ᠡᠲᠡᠭᠡᠳ ᠤᠨ ᠦᠷ᠎ᠡ ᠬᠡᠦᠬᠡᠳ ᠢᠶᠠᠨ ᠬᠠᠤᠯᠢ ᠶᠣᠰᠣᠭᠠᠷ ᠠᠰᠠᠷᠠᠨ ᠲᠡᠵᠢᠭᠡᠬᠦ᠂ᠰᠤᠷᠭᠠᠨ ᠬᠥᠮᠦᠵᠢᠭᠦᠯᠬᠦ᠂ ᠬᠠᠮᠠᠭᠠᠯᠠᠬᠤ ᠡᠷᠬᠡ ᠶᠢ ᠬᠤᠬᠢᠷᠠᠭᠤᠯᠬᠤ ᠪᠠᠷ ᠪᠠᠷᠠᠬᠤ ᠤᠢᠭᠡᠢ᠂ ᠪᠠᠰᠠ ᠨᠠᠰᠤᠨ ᠳᠤ ᠬᠦᠷᠦᠭᠡᠳᠦᠢ ᠦᠷ᠎ᠡ‌‍ᠬᠡᠦᠬᠡᠳ ᠤᠨ ᠪᠡᠶ᠎ᠡ ᠰᠡᠳᠬᠢᠯ ᠤᠨ ᠡᠷᠡᠭᠦᠯ ᠮᠡᠡᠳᠦ ᠶᠢ ᠬᠦᠨᠳᠦ ᠭᠡᠴᠡᠭᠦᠦ ᠬᠤᠬᠢᠷᠠᠭᠤᠯᠬᠤ ᠪᠣᠯᠬᠤᠷ ᠡᠷᠡᠰ ᠰᠡᠷᠭᠡᠶᠢᠯᠡᠨ ᠬᠤᠷᠢᠭᠯᠠᠬᠤ‌‍ᠬᠡᠷᠡᠭᠲᠡᠢ ᠭᠡᠵᠦ ᠲᠣᠳᠣᠷᠬᠠᠢ ᠲᠣᠭᠲᠠᠭᠠᠵᠠᠢ᠃         ᠨᠠᠰᠤᠨ ᠳᠤ ᠥᠯᠥ ᠭᠦᠷᠦᠭᠰᠡᠳ ᠬᠡᠷ ᠪᠦᠯᠢ ᠶᠢᠨ ᠬᠦᠴᠦᠷᠬᠡᠭᠯᠡᠯ ᠢᠯᠠᠩᠭᠤᠶ᠎ᠠ ᠪᠡᠶ᠎ᠡ ᠮᠠᠬᠠᠪᠣᠳ ᠤᠨ  ᠬᠦᠴᠦᠷᠬᠡᠭᠯᠡᠯ ᠢ‌ᠨᠢᠳᠦ ᠪᠠᠷ ᠢᠶᠠᠨ ᠦᠵᠡᠪᠡᠯ᠂ ᠲᠡᠭᠦᠨ ᠤ ᠰᠡᠳᠬᠢᠴᠡ ᠳᠤ ᠯᠤᠲᠤ ᠶᠡᠭᠡ ᠲᠠᠭᠠᠷᠢᠯᠲᠠ ᠤᠴᠠᠷᠠᠭᠤᠯᠬᠤ ᠪᠠᠷ ᠪᠠᠷᠠᠬᠤ ᠥᠬᠡᠶ᠂  ᠪᠠᠰᠠ‌‍ᠪᠤᠰᠤᠳ ᠤᠨ ᠠᠭᠤᠷ ᠬᠢᠯᠢᠩ ᠢᠶᠠᠨ ᠭᠠᠷᠭᠠᠬᠤ᠂ ᠬᠠᠷᠢᠶᠠᠯᠴᠠᠵᠦ ᠵᠤᠳᠤᠯᠴᠠᠬᠤ ᠵᠡᠷᠭᠡ ᠰᠢᠯᠲᠠᠭᠠᠨ ᠠᠴᠠ ᠪᠣᠯᠵᠣ  ᠪᠡᠶ᠎ᠡ  ᠰᠡᠳᠬᠢᠯ‌‍ᠳᠤᠨᠢ ᠰᠢᠷᠬ᠎ᠠ  ᠰᠤᠷᠪᠢ  ᠰᠠᠭᠤᠯᠭᠠᠵᠤ  ᠮᠡᠳᠡᠨ᠎ᠡ᠂  ᠦᠷᠬᠦᠯᠵᠢ  ᠡᠶᠢᠮᠦ  ᠤᠷᠴᠢᠨ  ᠳᠤ  ᠪᠠᠶᠢᠭᠠᠳ  ᠪᠠᠶᠢᠪᠠᠯ  ᠴᠢᠨᠠᠭᠰᠢᠯᠠᠨ︽ᠬᠦᠴᠦᠷᠬᠡᠭᠯᠡᠯ ᠢᠶᠠᠷ ᠠᠯᠢᠪᠠ ᠶᠢ ᠰᠢᠢᠳᠪᠦᠷᠢᠯᠡᠬᠦ︾ ᠪᠤᠷᠤᠭᠤ ᠦᠵᠡᠯᠲᠡ ᠲᠠᠢ ᠪᠤᠯᠵᠤ᠂ ᠲᠡᠭᠦᠨ ᠤ  ᠦᠰᠦᠨ  ᠪᠤᠶᠢᠵᠢᠯᠲᠠ ᠳ᠋ᠤ᠋‌ᠣᠮᠲᠣᠭᠠᠶᠢᠯᠠᠵᠤ ᠪᠣᠯᠤᠰᠢ ᠥᠬᠡᠶ ᠨᠠᠵᠠᠭᠠᠶ ᠨᠥᠯᠥᠭᠡ ᠦᠵᠡᠭᠦᠯᠵᠦ ᠮᠡᠳᠡᠨ᠎ᠡ᠃          ᠡᠴᠢᠭᠡ ᠡᠭᠡ ᠪᠣᠯ ᠬᠡᠦᠬᠡᠳ ᠤᠨ ᠠᠩᠬᠠᠨ ᠤ ᠪᠠᠭᠰᠢ  ᠮᠥᠨ᠂  ᠬᠡᠦᠬᠡᠳ ᠢ  ᠬᠥᠲᠥᠯᠥᠨ  ᠵᠢᠯᠣᠭᠤᠳᠴᠤ  ᠪᠠᠶᠢᠠᠭᠳ‌ᠮᠡᠳᠡᠯᠭᠡ ᠡᠵᠡᠮᠰᠢᠭᠦᠯᠵᠦ ᠡᠷᠳᠡᠮ ᠴᠢᠳᠠᠪᠤᠷᠢ ᠶᠢ ᠨᠢ ᠳᠡᠭᠡᠭᠰᠢᠯᠡᠭᠦᠯᠬᠦ ᠪᠠᠷ ᠪᠠᠷᠠᠬᠤ ᠥᠬᠡᠶ᠂ ᠨᠠᠩ  ᠴᠤ  ᠬᠡᠦᠬᠡᠳ ᠢ  ᠬᠠᠪᠰᠤᠷᠤᠨ‌‍ᠰᠠᠶᠢᠨ ᠰᠠᠶᠢᠬᠠᠨ ᠵᠠᠩ ᠮᠣᠷᠠᠯ ᠪᠠ ᠦᠢᠯᠡ ᠠᠵᠢᠯᠯᠠᠭᠠᠨ ᠤ ᠳᠠᠳᠬᠠᠯ ᠲᠠᠢ ᠪᠣᠯᠭᠠᠬᠤ ᠬᠡᠷᠡᠭᠲᠡᠶ᠃ ᠭᠡᠪᠡᠴᠦ  ᠪᠣᠳᠠᠲᠤ  ᠠᠮᠢᠳᠤᠷᠠᠯ‌‍ᠲ᠋ᠤᠮᠳᠠ᠂ ᠵᠠᠷᠢᠮ  ᠡᠴᠢᠭᠡ  ᠡᠬᠡ ᠨᠢ  ᠰᠤᠷᠤᠯᠭ᠎ᠠ ᠶᠢᠨ  ᠬᠢᠷᠢ  ᠪᠦᠲᠦᠮᠵᠢ ᠪᠠᠷ  ᠴᠣᠷ ᠤᠨ  ᠭᠠᠭᠴᠠ  ᠵᠣᠷᠢᠯᠭ᠎ᠠ  ᠪᠣᠯᠭᠠᠵᠤ᠂ᠬᠡᠦᠬᠡᠳ ᠤᠨ ᠡᠷᠡᠭᠦᠯ ᠴᠢᠭᠢᠷᠠᠭ ᠪᠡᠶ᠎ᠡ ᠮᠠᠬᠠᠪᠣᠳ ᠤᠨ ᠰᠡᠳᠬᠢᠴᠡ ᠶᠢᠨ ᠪᠤᠶᠢᠵᠢᠯᠲᠠ ᠶᠢᠨ ᠵᠢᠮ᠎ᠡ ᠶᠣᠰᠣ  ᠶᠢ ᠣᠮᠲᠣᠭᠠᠶᠢᠯᠠᠳᠠᠭ︔ᠵᠠᠷᠢᠮ ᠡᠴᠢᠭᠡ ᠡᠬᠡ  ᠨᠢ   ︽ᠬᠠᠶᠢᠷ᠎ᠠ ᠶᠢᠨ   ᠬᠦᠨ   ᠤᠳᠬ᠎ᠠ   ᠠᠭᠤᠯᠭ᠎ᠠ᠂   ᠬᠠᠷᠢᠭᠤᠴᠠᠯᠭ᠎ᠠ ᠶᠢᠨ    ᠲᠤᠯᠭᠠᠮ᠎ᠠ    ᠱᠠᠭᠠᠷᠳᠠᠯᠭ᠎ᠠ︾ ᠵᠢ‌ᠥᠷᠥᠭᠡᠰᠦᠭᠡᠯ ᠢᠶᠠᠷ ᠣᠶᠢᠯᠠᠭᠠᠵᠤ᠂ ᠬᠠᠯᠲᠤᠰᠬᠢᠪᠡᠯ ᠵᠣᠳᠣᠵᠤ ᠬᠠᠷᠢᠶᠠᠬᠤ ᠬᠡᠯᠪᠡᠷᠢ ᠪᠠᠷ ᠬᠡᠦᠬᠡᠳ ᠢ  ᠬᠠᠮᠢᠶᠠᠷᠴᠤ  ᠰᠤᠷᠭᠠᠳᠠᠭ︔ᠵᠠᠷᠢᠮ ᠡᠴᠢᠭᠡ ᠡᠬᠡ ᠨᠢ ᠬᠡᠦᠬᠡᠳ ᠤᠨ ᠢᠶᠠᠨ ᠦᠨᠡᠨ ᠪᠣᠳᠠᠲᠠᠢ ᠬᠦᠰᠡᠯ  ᠰᠠᠨᠠᠭ᠎ᠠ ᠶᠢ  ᠪᠣᠳᠣᠯᠬᠢᠯᠠᠬᠤ  ᠦᠭᠡᠢ ᠪᠠᠷ  ᠥᠪᠡᠷ ‍ᠤᠨ‌‍ᠰᠤᠷᠭᠠᠨ ᠬᠥᠮᠦᠵᠢᠭᠦᠯᠬᠦ ᠣᠶᠢᠯᠠᠭᠠᠭᠳᠠᠬᠤᠨ ᠪᠠ ᠰᠤᠷᠭᠠᠨ  ᠬᠥᠮᠦᠵᠢᠭᠦᠯᠬᠦ  ᠠᠷᠭ᠎ᠠ  ᠮᠠᠶ᠋ᠢᠭ ᠢᠶᠠᠨ  ᠠᠯᠪᠠ ᠪᠠᠷ  ᠬᠡᠷᠡᠭᠵᠢᠭᠦᠯᠵᠦ‌‍ᠪᠠᠶᠢᠳᠠᠭ︔ ᠪᠠᠰᠠ ᠵᠠᠷᠢᠮ ᠡᠴᠢᠭᠡ ᠡᠬᠡ ᠨᠢ ᠠᠵᠢᠯ ᠠᠮᠢᠳᠤᠷᠠᠯ ᠤᠨ ᠳᠤᠮᠳᠠ ᠬᠤᠷᠠᠮᠳᠤᠭᠰᠠᠨ ᠳᠠᠷᠤᠯᠲᠠ ᠪᠠ ᠨᠠᠵᠠᠭᠠᠶ ᠰᠡᠳᠬᠢᠯᠭᠡ‌‍ᠪᠡᠨ ᠥᠪᠡᠷ ᠤᠨ ᠡᠷᠬᠡ ᠥᠬᠡᠶ ᠬᠡᠦᠬᠡᠳ ᠤᠨ ᠢᠶᠠᠨ ᠪᠡᠶ᠎ᠡ ᠳᠡᠭᠡᠷ᠎ᠡ ᠭᠠᠷᠭᠠᠳᠠᠭ᠃ ᠡᠲᠡᠭᠡᠷ ᠪᠡᠶ᠎ᠡ ᠮᠠᠬᠠᠪᠣᠳ ᠣᠶᠤᠨ ᠰᠠᠨᠠᠭᠠᠨ ‍ᠤ‌ᠬᠠᠯᠳᠠᠯᠭ᠎ᠠ ᠶᠢᠨ ᠠᠵᠢᠯᠯᠠᠭ᠎ᠠ ᠨᠢ ᠨᠠᠰᠤᠨ ᠳᠤ ᠥᠯᠥ ᠭᠦᠷᠦᠭᠰᠡᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠬᠦᠨᠳᠦ  ᠬᠡᠴᠡᠭᠦᠦ‌ᠨᠥ᠋ᠯᠥᠭᠡᠯᠡᠵᠦ ᠪᠠᠶᠢᠨ᠎ᠠ᠃
ᠢᠷᠡᠯᠲᠡ᠄ ᠠᠷᠠᠳ ᠤᠨ ᠰᠥᠯᠵᠢᠶ᠎ᠡ