ᠰᠠᠶᠢᠨ ᠴᠢᠮᠡᠭᠡ︕ ᠷᠠᠳᠢᠣ᠋ ᠲᠧᠯᠸᠢᠰ ᠤᠨ ᠶᠡᠷᠦᠩᠬᠡᠶ ᠲᠣᠪᠴᠢᠶ᠎ᠠ ᠲᠤᠳᠤᠷᠬᠠᠢ ᠱᠠᠭᠠᠷᠳᠠᠯᠭ᠎ᠠ ᠭᠠᠷᠭᠠᠪᠠ
ᠨᠡᠶᠢᠲᠡᠯᠡᠭᠰᠡᠨ ᠴᠠᠭ᠄
2023/12/1
       ᠰᠤᠷᠪᠤᠯᠵᠢᠯᠠᠬᠴᠢ   27 ᠤ   ᠡᠳᠦᠷ   ᠤᠯᠤᠰ ᠤᠨ   ᠷᠠᠳᠢᠣ᠋   ᠲᠧᠯᠸᠢᠰ ᠤᠨ   ᠶᠡᠷᠦᠩᠬᠡᠶ    ᠲᠣᠪᠴᠢᠶ᠎ᠠ ᠡᠴᠠ‌ᠣᠶᠢᠯᠠᠭᠠᠭᠰᠠᠨ ᠢᠶᠠᠷ᠂ ᠷᠠᠳᠢᠣ᠋ ᠲᠧᠯᠸᠢᠰ ᠤᠨ ᠶᠡᠷᠦᠩᠬᠡᠶ ᠲᠣᠪᠴᠢᠶ᠎ᠠ ᠲᠦᠷᠦᠭᠦᠬᠡᠨ ︽ᠤᠲᠠᠰᠤᠲᠤ ᠲᠧᠯᠸᠢᠰ ᠤᠨ  ᠲᠤᠬᠠᠶᠢᠯᠠᠭᠰᠠᠨ‌ᠠᠵᠢᠯ ᠤᠨ ᠮᠡᠷᠭᠡᠵᠢᠯ ᠤᠨ  ᠱᠠᠭᠠᠷᠳᠠᠯᠭ᠎ᠠ︾  ᠵᠡᠷᠭᠡ  ᠷᠠᠳᠢᠣ᠋  ᠲᠧᠯᠸᠢᠰ  ᠪᠠ  ᠰᠦᠯᠵᠢᠶᠡᠨ ᠤ  ᠦᠵᠡᠵᠦ  ᠰᠣᠨᠣᠰᠬᠤ  ᠠᠵᠢᠯ‌‍ᠲ᠋ᠥ᠋ᠷᠥᠯ ᠤᠨ  ᠭᠤᠷᠪᠠᠨ  ᠵᠦᠢᠯ ᠤᠨ  ᠪᠠᠷᠢᠮᠵᠢᠶ᠎ᠠ ᠶᠢᠨ  ᠲᠤᠬᠠᠢ  ᠮᠡᠳᠡᠭᠳᠡᠯ ᠢ  ᠨᠡᠶᠢᠲᠡᠯᠡᠵᠦ᠂   ᠤᠲᠠᠰᠤᠲᠤ   ᠲᠧᠯᠸᠢᠰ ‍ᠤᠨ‌ᠦᠵᠦᠭᠦᠷ ᠲᠤ ︽ᠲᠧᠯᠸᠢᠰ ᠰᠦᠯᠵᠢᠶ᠎ᠡ ᠪᠠᠨ ᠨᠡᠭᠡᠭᠡᠪᠠᠯ ᠪᠥᠬᠦ ᠳᠡᠯᠭᠡᠴᠡ ᠶᠢᠨ ᠰᠢᠭᠤᠳ ᠨᠡᠪᠲᠡᠷᠡᠭᠦᠯᠭᠡ  ᠳᠤ  ᠤᠷᠤᠬᠤ︾  ᠪᠠ︽ᠲᠧᠯᠸᠢᠰ  ᠰᠦᠯᠵᠢᠶ᠎ᠡ  ᠪᠠᠨ  ᠨᠡᠭᠡᠭᠡᠪᠠᠯ  ᠰᠢᠭᠤᠳ  ᠨᠡᠪᠲᠡᠷᠡᠭᠦᠯᠭᠡ ᠶᠢᠨ  ᠰᠤᠪᠠᠭ  ᠤᠨ  ᠤᠨᠴᠠᠯᠠᠬᠰᠠᠨ  ᠰᠣᠯᠢᠯᠴᠠᠭᠠᠨ ‍ᠤ‌‍ᠬᠡᠯᠪᠡᠷᠢ ᠶᠢᠨ ᠬᠠᠷᠢᠯᠴᠠᠨ ᠦᠢᠯᠡᠳᠦᠯᠴᠡᠬᠦ ᠰᠦᠯᠵᠢᠶᠡᠨ ᠤ ᠨᠢᠭᠤᠷ ᠤᠷᠤᠬᠤ︾ ᠭᠡᠬᠦ ᠬᠤᠶᠠᠷ ᠵᠦᠢᠯ ᠤᠨ ︽ᠲᠧᠯᠸᠢᠰ  ᠰᠦᠯᠵᠢᠶ᠎ᠡ‌‍ᠪᠡᠨ ᠨᠡᠭᠡᠭᠡᠬᠦ ᠵᠠᠭᠪᠤᠷ︾ ᠤᠨ ᠰᠣᠩᠭᠤᠯᠲᠠ ᠶᠢ ᠬᠠᠨᠭ᠍ᠭᠠᠵᠤ᠂  ᠰᠢᠰᠲ᠋ᠧᠮ  ᠢ  ︽ᠲᠧᠯᠸᠢᠰ  ᠰᠦᠯᠵᠢᠶ᠎ᠡ  ᠪᠠᠨ  ᠨᠡᠭᠡᠭᠡᠪᠠᠯ  ᠪᠥᠬᠦ‌‍ᠲ᠋ᠡᠯᠭᠡᠴᠡ ᠶᠢᠨ ᠰᠢᠭᠤᠳ ᠨᠡᠪᠲᠡᠷᠡᠭᠦᠯᠭᠡ ᠳᠤ ᠤᠷᠤᠬᠤ︾ ᠪᠤᠯᠭᠠᠨ ᠲᠤᠬᠢᠷᠠᠭᠤᠯᠬᠤ ᠬᠡᠷᠡᠭᠳᠡᠢ ᠭᠡᠵᠦ ᠱᠠᠭᠠᠷᠳᠠᠪᠠ᠃               ᠬᠠᠮᠢᠶ᠎ᠠ ᠪᠥᠬᠦᠶ ᠮᠡᠳᠡᠭᠳᠡᠯ ᠢ  ᠦᠨᠳᠦᠰᠦᠯᠡᠪᠡᠯ᠂  ᠤᠲᠠᠰᠤᠲᠤ  ᠲᠧᠯᠸᠢᠰ ᠤᠨ  ᠤᠶᠤᠨᠲᠤ  ᠮᠠᠰᠢᠨ ᠤ  ᠬᠠᠶᠢᠷᠴᠠᠭ ᠢ‌ᠨᠡᠭᠡᠭᠡᠬᠦ ᠶᠠᠪᠤᠴᠠ ᠳᠤ  ᠬᠡᠷᠡᠭᠰᠡᠬᠦ  ᠴᠠᠭ ᠢ  35  s ᠠᠴᠠ  ᠬᠡᠲᠦᠷᠡᠭᠦᠯᠵᠦ  ᠪᠣᠯᠬᠤ  ᠥᠬᠡᠶ᠃  ᠤᠲᠠᠰᠤᠲᠤ  ᠲᠧᠯᠸᠢᠰ ‍ᠤᠨ‌ᠡᠵᠡᠩᠨᠡᠯᠲᠡ ᠶᠢᠨ ᠪᠠᠶᠢᠭᠤᠯᠤᠮᠵᠢ ᠨᠢ ᠰᠢᠭᠤᠳ ᠨᠡᠪᠲᠡᠷᠡᠭᠦᠯᠭᠡ ᠶᠢᠨ ᠰᠤᠪᠠᠭ ᠪᠣᠯᠤᠨ ᠥᠩᠭᠡᠷᠡᠭᠰᠡᠨ ᠤ ᠰᠢᠭᠤᠳ ᠨᠡᠪᠲᠡᠷᠡᠭᠦᠯᠭᠡ᠂ᠰᠤᠪᠠᠭ ᠤᠨ ᠠᠭᠤᠯᠭ᠎ᠠ ᠶᠢ ᠪᠤᠴᠠᠭᠠᠨ ᠦᠵᠡᠵᠦ ᠪᠣᠯᠬᠤ᠂ ᠸᠢᠳᠢᠤ᠋ ᠶᠢ ᠵᠠᠬᠢᠶᠠᠯᠠᠨ ᠨᠡᠪᠲᠡᠷᠡᠭᠦᠯᠬᠦ ᠵᠡᠷᠭᠡ ᠤᠲᠠᠰᠤᠲᠤ ᠲᠧᠯᠸᠢᠰ ‍ᠤᠨ‌‍ᠲ᠋ᠤᠬᠠᠶᠢᠯᠠᠭᠰᠠᠨ ᠠᠵᠢᠯ ᠢ ᠬᠠᠩᠭᠠᠬᠤ ᠳᠠᠭᠠᠨ ᠵᠠᠭᠠᠭ ᠭᠠᠳᠠᠷᠭᠤ ᠨᠢ ᠲᠥᠬᠦᠮ ᠠᠪᠰᠠᠷᠬᠠᠨ ᠨᠥᠬᠦᠷᠰᠡᠭ᠂ ᠭᠡᠷᠡᠭᠯᠡᠬᠦ  ᠳᠤ  ᠲᠥᠬᠦᠮ‌ᠮᠦ᠋ᠷᠳᠡᠭᠡᠨ ᠬᠤᠷᠳᠤᠨ᠂ ᠴᠢᠨᠠᠷ ᠰᠠᠶᠢᠲᠠᠶ ᠫᠷᠤᠭ᠍ᠷᠠᠮ ᠳᠠᠮᠵᠢᠭᠤᠯᠬᠤ ᠶᠢ ᠦᠨᠡᠨᠬᠦ ᠪᠠᠲᠤᠯᠠᠬᠤ ᠬᠡᠷᠡᠭᠲᠡᠶ ᠭᠡᠵᠦ ᠱᠠᠭᠠᠷᠳᠠᠵᠠᠢ᠃
ᠢᠷᠡᠯᠲᠡ᠄ ᠠᠷᠠᠳ ᠤᠨ ᠰᠦᠯᠵᠢᠶ᠎ᠡ