ᠢᠳᠡᠭᠡᠯ ᠪᠢᠰᠢᠷᠠᠯ ᠢᠶᠠᠨ ᠬᠦᠨᠳᠤᠳᠭᠡᠵᠤ ᠶᠠᠪᠤᠵᠠᠭᠠᠶ᠎ᠠ
ᠨᠡᠶᠢᠲᠡᠯᠡᠭᠰᠡᠨ ᠴᠠᠭ᠄
2023/11/7
        ᠪᠢ ᠬᠡᠤᠭᠡᠳ ᠪᠠᠶᠢᠬᠤ ᠳᠤ ᠨᠤᠳᠤᠭ ᠤᠨ ᠪᠤᠭᠤᠷᠤᠯ ᠨᠠᠰᠤᠳᠠᠶᠢᠴᠤᠳ ᠠᠴᠠ ᠠᠯᠢ ᠤᠯᠠᠨ ᠰᠠᠶᠢᠨ ᠰᠠᠶᠢᠬᠠᠨ ᠦᠯᠢᠭᠡᠷ ᠲᠤᠮᠤᠭ ᠢ ᠤᠯᠵᠤ ᠰᠤᠨᠤᠰᠤᠭᠰᠠᠨ ᠶᠤᠮ᠂ ᠡᠨᠡ ᠨᠢ ᠨᠠᠮ᠎ᠠ ᠶᠢ ᠬᠠᠷᠢᠨ ᠴᠢᠭᠡᠴᠢ ᠴᠠᠭᠠᠪᠤᠷ ᠵᠠᠩ ᠲᠠᠢ ᠠᠵᠢᠯᠴᠢ ᠬᠦᠳᠡᠯᠮᠤᠷᠢᠴᠢ ᠪᠤᠯᠭᠠᠭᠰᠠᠨ ᠶᠤᠮ᠃ ᠨᠤᠮ ᠪᠢᠴᠢᠭ ᠦᠵᠡᠵᠤ ᠰᠤᠶᠤᠯ ᠰᠤᠷᠭᠠᠭᠤᠯᠢ ᠶᠢᠨ ᠮᠦᠷ ᠢ ᠬᠦᠭᠡᠭᠡᠵᠤ ᠶᠠᠪᠤᠬᠤ ᠳᠤ ᠪᠠᠭᠰᠢ ᠠᠴᠠ ᠨᠠᠮ᠎ᠠ ᠶᠢ ᠠᠯᠢ ᠰᠠᠶᠢᠬᠠᠨ ᠦᠯᠢᠭᠡᠷ ᠲᠤᠮᠤᠭ᠂ ᠰᠢᠯᠦᠭ ᠲᠠᠭᠤᠯᠠᠯ᠂ ᠲᠠᠭᠤᠤ ᠬᠦᠭᠵᠢᠮ ᠲᠠᠢ ᠦᠢᠷᠠᠳᠤᠭᠤᠯᠤᠭᠰᠠᠨ ᠶᠤᠮ᠂ ᠡᠨᠡ ᠨᠢ ᠤᠶᠤᠨ ᠰᠠᠨᠠᠭᠠᠨ ᠳᠤ ᠮᠢᠨᠢ ᠠᠯᠢ ᠰᠠᠶᠢᠬᠠᠨ ᠤᠷᠮ᠎ᠠ ᠰᠤᠨᠢᠷᠬᠠᠯ ᠲᠦᠬᠦᠷᠭᠡᠵᠤ ᠦᠭᠬᠦᠭᠰᠡᠨ ᠶᠤᠮ᠃ ᠡᠳᠡᠭᠡᠷ ᠡᠷᠬᠢᠮ ᠲᠡᠭᠡᠳᠤ ᠦᠢᠯᠡ ᠬᠦᠳᠡᠯᠤᠯ ᠤᠷᠮ᠎ᠠ ᠰᠤᠨᠢᠷᠬᠠᠯ ᠨᠢᠭᠡ ᠨᠠᠰᠤ ᠶᠢ ᠮᠢᠨᠢ ᠲᠡᠮᠵᠢᠵᠤ᠂ ᠢᠷᠡᠭᠡᠳᠤᠢ ᠶᠢᠨ ᠬᠦᠰᠡᠯᠠᠩ ᠵᠦᠭ ᠬᠦᠳᠤᠯᠵᠤ ᠤᠯᠠᠨ ᠠᠴᠠ ᠤᠷᠦ᠋ᠢᠯᠠᠭᠤᠯᠵᠤ ᠶᠠᠪᠤᠭᠰᠠᠨ ᠳ᠋ᠠ᠃ ᠬᠦᠰᠠᠯᠠᠩ ᠳᠡᠭᠡᠨ ᠬᠦᠷᠬᠦ ᠵᠠᠮ ᠮᠢᠨᠢ ᠮᠤᠷᠤᠢ ᠰᠠᠷᠤᠢ ᠬᠠᠯᠠ ᠵᠤᠪᠠᠯᠠᠩ ᠲᠠᠢ ᠪᠠᠶᠢᠭᠰᠠᠨ ᠪᠤᠯᠪᠠᠴᠤ ᠲᠠᠳᠠᠭᠠᠯᠵᠠᠯ ᠦᠭᠡᠢ ᠲᠡᠮᠡᠴᠡᠵᠤ᠂ ᠡᠴᠤᠰ ᠲᠡᠭᠡᠨ ᠨᠢᠭᠡᠨ ᠰᠠᠷᠠᠭᠤᠯ ᠰᠠᠶᠢᠬᠠᠨ ᠬᠠᠷᠠᠯᠳᠠ ᠵᠤᠷᠢᠯᠳᠠ ᠲᠠᠢ ᠪᠤᠯᠤᠭᠰᠠᠨ ᠶᠤᠮ︕        ᠡᠩᠬᠦᠯ ᠲᠤᠩᠬᠤᠯ ᠬᠦᠮᠤᠨ ᠤ ᠠᠮᠢᠳᠤᠷᠠᠯ ᠤᠨ ᠵᠠᠮ ᠳᠤ ᠮᠠᠰᠢ ᠠᠷᠪᠢᠨ ᠪᠤᠰᠤᠳ ᠲᠤ ᠦᠯᠤ ᠲᠤᠬᠢᠶᠠᠯᠳᠤᠬᠤ ᠦᠡᠭᠭᠡ ᠦᠵᠡᠮᠵᠢ ᠪᠡ ᠭᠠᠶᠢᠬᠠᠮᠰᠢᠭᠳᠤ ᠶᠠᠪᠤᠳᠠᠯ ᠢ ᠤᠯᠵᠤ ᠦᠵᠡᠨ᠎ᠡ ᠭᠡᠳᠡᠭ᠃ ᠬᠢᠯᠭᠠᠰᠤᠨ ᠲᠡᠳᠤᠢ ᠠᠰᠢᠭ ᠲᠤᠰᠠ ᠶᠢᠨ ᠲᠦᠯᠦᠭᠡ ᠬᠦᠰᠡᠯᠠᠩ ᠢᠶᠠᠨ ᠬᠠᠶᠠᠬᠤ ᠪᠤᠶᠤ ᠶᠠᠮᠠᠷ ᠨᠢᠭᠡᠨ ᠨᠡᠶᠢᠬᠡᠮ ᠤᠨ ᠤᠷᠤᠰᠬᠠᠯ ᠠᠴᠠ ᠪᠤᠯᠤᠭᠠᠳ ᠦᠪᠡᠷ ᠤᠨ ᠢᠳᠡᠭᠡᠯ ᠪᠢᠰᠢᠷᠠᠯ᠂ ᠤᠤᠭᠠᠯ ᠰᠤᠶᠤᠯ ᠢᠶᠠᠨ ᠲᠠᠶᠠᠭᠳᠠᠵᠤ ᠶᠠᠪᠤᠬᠤ ᠪᠤᠯ ᠲᠦᠮᠡᠨ ᠤ ᠰᠢᠪᠰᠢᠭ᠃ ᠶᠡᠷᠤ ᠳᠡᠭᠡᠨ ︽ᠮᠢᠨᠤ ᠵᠠᠶᠠᠭ᠎ᠠ ᠡᠨᠡ ᠯᠠ᠂ ᠮᠡᠯᠡᠭᠡᠢ ᠶᠢᠨ ᠵᠠᠶᠠᠭ᠎ᠠ ᠰᠢᠪᠡᠷ ᠲᠤ ᠯᠡ︾ ᠭᠡᠳ ᠪᠠᠶᠢᠵᠤ ᠪᠤᠯᠬᠤ ᠦᠭᠡᠢ ᠰᠢᠤ ᠳ᠋ᠠ᠂ ᠪᠡᠶ᠎ᠡ ᠪᠠᠨ ᠭᠡᠮᠨᠡᠵᠤ ᠨᠡᠶᠢᠬᠡᠮ ᠤᠨ ᠠᠮᠢᠳᠤᠷᠠᠯ ᠤᠨ ᠪᠠᠶᠢᠳᠠᠯ ᠳᠤ ᠲᠠᠳᠴᠤ᠂ ᠦᠨᠳᠤᠰᠤᠳᠡᠨ ᠤ ᠰᠤᠶᠤᠯ ᠰᠤᠷᠭᠠᠯ᠂ ᠤᠶᠤᠨ ᠰᠠᠨᠠᠭᠠᠨ ᠤ ᠬᠦᠷᠳᠡᠭᠡᠯ ᠢ ᠡᠳ᠋ᠯᠡᠵᠤ᠂ ᠪᠤᠰᠤᠳ ᠬᠦᠮᠤᠨ ᠤ ᠦᠡᠭᠭᠡ ᠲᠠᠢ ᠲᠠᠯ᠎ᠠ ᠶᠢ ᠰᠤᠷᠴᠤ ᠶᠠᠪᠤᠬᠤ ᠨᠢ ᠵᠤᠬᠢᠰᠳᠠᠢ ᠪᠢᠯᠡ᠃        ︽ᠲᠤᠭᠠᠯᠠᠵᠤ ᠲᠠᠯᠪᠢᠭᠰᠠᠨ ᠨᠠᠰᠤ᠂ ᠲᠦᠭᠡᠯᠡᠵᠤ ᠲᠠᠯᠪᠢᠭᠰᠠᠨ ᠪᠡᠶ᠎ᠡ︾ ᠭᠡᠳᠡᠭᠴᠢᠯᠡᠨ᠂ ᠬᠦᠮᠤᠨ ᠤ ᠨᠢᠭᠡ ᠨᠠᠰᠤ ᠲᠠᠩᠴᠤ ᠤᠬᠤᠷ ᠪᠠᠶᠢᠳᠠᠭ ᠰᠢᠤ ᠳ᠋ᠠ᠂ ᠤᠳᠤᠬᠠᠨ ᠤ ᠨᠡᠶᠢᠬᠡᠮ ᠳᠤ ᠭᠡᠶᠢᠰᠪᠤᠷᠢ ᠬᠤᠭᠤᠰᠤᠨ ᠶᠠᠭᠤᠮ᠎ᠠ ᠲᠠᠩᠴᠤ ᠠᠷᠪᠢᠨ ᠪᠠᠶᠢᠬᠤ ᠲᠤᠯᠠ ᠠᠮᠠᠷᠬᠠᠨ ᠲᠤᠯᠤᠭᠠᠢ ᠲᠦᠨᠡᠷᠡᠨ ᠨᠢᠳᠤ ᠡᠷᠢᠶᠠᠯᠵᠠᠵᠤ᠂ ᠡᠴᠤᠰ ᠲᠡᠭᠡᠨ ᠬᠦᠰᠡᠯᠡᠩ ᠢᠶᠠᠨ ᠠᠯᠳᠠᠵᠤ ᠵᠤᠷᠢᠯᠳᠠ ᠳᠠᠭᠠᠨ ᠬᠦᠷᠴᠤ ᠴᠢᠳᠠᠬᠤ ᠦᠭᠡᠢ ᠶᠠᠪᠤᠳᠠᠯ ᠵᠦᠡᠭᠳᠡᠭᠡᠨ ᠪᠤᠢ᠃ ᠭᠡᠷᠪᠡ ᠴᠢᠭᠡᠴᠢ ᠴᠠᠭᠠᠪᠤᠷ ᠵᠠᠩ ᠲᠠᠢ ᠠᠵᠢᠯᠴᠢ ᠬᠦᠳᠡᠯᠮᠤᠷᠢᠴᠢ ᠶᠠᠪᠤᠳᠠᠭ ᠯᠠ ᠶᠤᠮ ᠪᠤᠯ ᠮᠠᠰᠢ ᠠᠷᠪᠢᠨ ᠬᠦᠮᠤᠰ ᠴᠢᠮ᠎ᠠ ᠶᠢ ᠬᠠᠶᠢᠷᠠᠯᠠᠵᠤ ᠬᠦᠨᠳᠤᠳᠭᠡᠵᠤ ᠶᠠᠪᠤᠨ᠎ᠠ᠃ ᠬᠦᠮᠦᠨ ᠤ ᠠᠮᠢᠳᠤᠷᠠᠯ ᠬᠡᠵᠢᠶᠡᠳᠡ ᠰᠢᠭᠤᠳ ᠰᠢᠯᠤᠭᠤᠨ ᠪᠠᠶᠢᠭᠠᠳ ᠪᠠᠶᠢᠬᠤ ᠴᠦ ᠪᠢᠰᠢ᠃ ᠵᠦᠢᠯ ᠵᠦᠢᠯ ᠤᠨ ᠬᠠᠷᠰᠢ ᠰᠠᠭᠠᠳ ᠨᠤᠭᠤᠷᠠᠯ ᠪᠦᠳᠦᠷᠢᠯ ᠳᠤᠬᠢᠶᠠᠯᠳᠤᠬᠤ ᠨᠢ ᠳᠠᠮᠵᠢᠭ ᠦᠭᠡᠢ ᠶᠤᠮ᠃ ᠨᠤᠭᠤᠷᠠᠯ ᠪᠦᠳᠦᠷᠢᠯ ᠢᠯᠠᠭᠳᠠᠯ ᠤᠨ ᠡᠮᠦᠨ᠎ᠡ ᠵᠠᠷᠢᠮ ᠬᠦᠮᠦᠰ ᠵᠤᠷᠢᠭ ᠮᠤᠬᠤᠷᠠᠨ᠂ ᠬᠠᠷᠠᠯᠳᠠ ᠪᠠᠨ ᠬᠠᠶᠠᠴᠢᠬᠠᠭᠠᠳ᠂ ᠠᠶᠤᠨ ᠬᠤᠯᠴᠶᠢᠵᠤ ᠵᠠᠶᠢᠯᠠᠨ ᠳᠤᠳᠠᠭᠠᠳᠠᠭ᠃ ᠨᠢᠭᠡ ᠶᠠᠪᠤᠳᠠᠯ ᠢ ᠰᠠᠶᠢᠨ ᠬᠢᠬᠦ ᠨᠢ ᠲᠤᠩ ᠪᠡᠷᠭᠡ ᠪᠤᠯᠪᠠᠴᠤ ᠤᠷᠤᠯᠳᠤᠵᠤ ᠯᠠ ᠪᠠᠶᠢᠪᠠᠯ ᠯᠠᠪᠳᠠᠢ ᠦᠷ᠎ᠡ ᠳ᠋ᠦᠡᠭ ᠭᠠᠷᠬᠤ ᠶᠤᠮ᠂ ᠦᠪᠡᠰᠤᠪᠠᠨ ᠬᠢᠵᠤ ᠲᠡᠶᠢᠯᠬᠦ ᠦᠭᠡᠢ ᠶᠠᠪᠤᠳᠠᠯ ᠳᠤ ᠰᠡᠳᠭᠢᠯ ᠭᠤᠳᠤᠷᠠᠨ᠂ ᠭᠡᠷᠬᠢᠭᠰᠡᠨ ᠴᠤ ᠬᠠᠶᠠᠵᠤ ᠪᠤᠯᠬᠤ ᠦᠭᠡᠢ ᠯᠠ ᠳ᠋ᠠ᠃ ︽ᠤᠷᠬᠢᠯ ᠳᠤ ᠭᠠᠷᠬᠤ ᠤᠮᠤᠭ ᠵᠤᠷᠢᠭ ᠪᠠᠶᠢᠪᠠᠰᠤ ᠤᠷᠴᠢᠯᠠᠩ ᠲᠡᠯᠡᠭᠡᠢ ᠳᠤ ᠪᠡᠷᠭᠡ ᠶᠠᠪᠤᠳᠠᠯ ᠠᠯᠠᠭ᠎ᠠ︾᠂ ︽ᠰᠠᠨᠠᠪᠠᠯ ᠪᠦᠳᠤᠨ᠎ᠠ᠂ ᠰᠠᠵᠢᠯᠠᠪᠠᠯ ᠬᠦᠷᠤᠨ᠎ᠠ︾ ᠬᠡᠳᠡᠭ ᠰᠢᠤ᠃        ᠬᠦᠮᠤᠨ ᠪᠦᠬᠦᠨ ᠳᠤ ᠬᠠᠶᠢᠷ᠎ᠠ ᠰᠡᠳᠭᠢᠯᠭᠡ ᠭᠡᠵᠤ ᠪᠠᠶᠢᠳᠠᠭ᠃ ᠲᠡᠭᠦᠨ ᠢᠶᠠᠨ ᠡᠷᠬᠢᠮᠯᠡᠨ ᠨᠠᠨᠳᠢᠩᠨᠠᠵᠤ᠂ ᠨᠠᠰᠤᠨ ᠲᠤᠷᠰᠢᠳᠠ ᠨᠢᠭᠡ ᠬᠦᠮᠤᠨ ᠲᠠᠢ ᠴᠤᠭ ᠨᠦᠬᠦᠷᠯᠡᠬᠦ ᠭᠡᠭᠴᠢ ᠦᠨᠡᠭᠡᠷ ᠠᠮᠠᠷ ᠦᠭᠡᠢ ᠶᠤᠮ᠃ ᠨᠦᠬᠦᠷᠯᠡᠬᠦ ᠶᠠᠪᠤᠴᠠ ᠳᠤ ᠪᠤᠷᠤᠭᠤ ᠤᠶᠢᠯᠠᠭᠠᠬᠤ ᠪᠠ ᠱᠦᠷᠬᠦᠭᠡᠯᠳᠤᠬᠦ ᠶᠠᠪᠤᠳᠠᠯ ᠵᠦᠡᠭᠳᠡᠭᠡᠨ ᠭᠠᠷᠳᠠᠭ᠂ ᠡᠳᠤᠷ ᠲᠤᠳᠤᠮ ᠤᠨ ᠠᠮᠢᠳᠤᠷᠠᠯ ᠲᠤᠮᠳᠠ ᠲᠡᠷᠭᠡᠳᠡ ᠴᠢᠨᠢ ᠤᠯᠠᠨ ᠬᠦᠮᠤᠨ ᠭᠡᠯᠡᠬᠦ ᠬᠢᠬᠦ ᠶᠢ ᠴᠢᠨᠢ ᠠᠩᠬᠠᠷᠤᠨ ᠰᠤᠨᠤᠰᠴᠤ᠂ ᠴᠢᠮ᠎ᠠ ᠲᠠᠢ ᠠᠯᠢᠪᠠ ᠪᠠᠨ ᠰᠤᠯᠢᠯᠴᠠᠳᠠᠭ ᠶᠤᠮ ᠪᠤᠯ ᠴᠢ ᠤᠮᠤᠭᠰᠢᠪᠡᠯ ᠵᠤᠬᠢᠨ᠎ᠠ᠃ ᠪᠡᠶ᠎ᠡ ᠪᠠᠨ ᠬᠠᠶᠢᠷᠠᠯᠠᠬᠤ ᠪᠦᠭᠡᠳ ᠪᠤᠰᠤᠳ ᠢ ᠬᠠᠶᠢᠷᠠᠯᠠᠵᠤ᠂ ᠪᠡᠶ᠎ᠡ ᠪᠠᠨ ᠤᠶᠢᠯᠠᠭᠠᠬᠤ ᠪᠦᠭᠡᠳ ᠪᠤᠰᠤᠳ ᠢ ᠤᠶᠢᠯᠠᠭᠠᠵᠤ᠂ ᠬᠠᠷᠢᠨ ᠡᠮᠡᠭᠡᠯ ᠤᠨ ᠬᠤᠶᠠᠷ ᠪᠦᠬᠦᠷᠭᠡ ᠰᠢᠭ ᠡᠰᠡᠷᠭᠦ ᠲᠡᠰᠡᠷᠬᠦ ᠬᠠᠨᠳᠤᠵᠤ᠂ ᠤᠯᠠᠭᠠᠨ ᠢ ᠦᠵᠡᠪᠡᠯ ᠤᠷᠪᠠᠵᠤ ᠬᠦᠭᠡ ᠶᠢ ᠦᠵᠡᠪᠡᠯ ᠬᠦᠷᠪᠡᠴᠢᠭᠡᠳᠡᠭ ᠵᠤᠭᠰᠤᠯᠳᠠ ᠪᠠᠨ ᠲᠠᠶᠠᠭᠳᠠᠵᠤ᠂ ᠰᠡᠳᠭᠢᠯ ᠢᠶᠠᠨ ᠭᠤᠷᠤᠬ᠎ᠠ ᠶᠢᠨ ᠤᠰᠤ ᠰᠢᠬ ᠵᠦᠭᠡᠯᠡᠨ ᠪᠠᠶᠢᠯᠭᠠᠵᠤ᠂ ᠨᠢᠳᠤᠨ ᠤ ᠬᠠᠷᠠᠴᠠ ᠪᠠᠨ ᠬᠠᠪᠤᠷ ᠮᠡᠳᠤ ᠭᠤᠶᠤ ᠪᠠᠶᠢᠯᠭᠠᠪᠠᠯ ᠲᠡᠷᠡ ᠨᠢ ᠤᠶᠤᠨ ᠰᠠᠨᠠᠭ᠎ᠠ ᠶᠢ ᠴᠢᠨᠢ ᠪᠠᠶᠠᠯᠢᠭᠵᠢᠭᠤᠯᠵᠤ᠂ ᠠᠮᠢᠳᠤᠷᠠᠯ ᠤᠨ ᠬᠠᠷᠭᠤᠢ ᠶᠢ ᠴᠢᠨᠢ ᠰᠠᠷᠠᠭᠤᠯᠵᠢᠭᠤᠯᠤᠨ᠎ᠠ᠃        ᠤᠳᠤᠬᠠᠨ ᠤ ᠨᠡᠶᠢᠬᠡᠮ ᠤᠨ ᠠᠮᠢᠳᠤᠷᠠᠯ ᠲᠠᠢ ᠡᠪᠯᠡᠷᠡᠵᠤ᠂ ᠪᠡᠶ᠎ᠡ ᠪᠠᠨ ᠲᠠᠭᠠᠭᠠᠭᠰᠠᠨ ᠨᠢᠭᠡᠨ ᠬᠦᠮᠤᠨ ᠪᠤᠯᠵᠤ᠂ ᠲᠠᠪᠬᠤᠷ ᠲᠠᠪᠬᠤᠷ ᠪᠠᠭ ᠤᠨ ᠲᠤᠤᠷᠡᠬᠢ ᠦᠨᠡᠨ ᠮᠦᠨ ᠢ ᠲᠠᠨᠢᠵᠤ᠂ ᠨᠡᠶᠢᠬᠡᠮ ᠤᠨ ᠵᠠᠷᠢᠮ ᠲᠠᠳᠬᠠᠯ ᠨᠢ ᠨᠢᠳᠤ ᠬᠢᠯᠠᠰᠤᠮ᠎ᠠ ᠪᠤᠯᠪᠠᠴᠤ ᠬᠠᠷᠢᠨ ᠦᠨ᠎ᠠ ᠦᠷᠳᠡᠭ ᠦᠭᠡᠢ ᠪᠠᠶᠢᠳᠠᠭ ᠢ ᠤᠯᠵᠤ ᠬᠠᠷᠠᠬᠤ ᠴᠢᠬᠤᠯᠠᠳᠠᠢ᠃ ︽ᠪᠡᠶ᠎ᠡ ᠪᠠᠨ ᠮᠡᠳᠡᠪᠡᠯ ᠬᠦᠮᠤᠨ᠂ ᠪᠡᠯᠴᠢᠭᠡᠷ ᠢᠶᠠᠨ ᠲᠠᠨᠢᠪᠠᠯ ᠮᠠᠯ︾ ᠭᠡᠳᠡᠭ ᠢᠶᠠᠷ ᠲᠤᠳᠠᠭᠳᠠᠯ ᠢᠶᠠᠨ ᠦᠵᠡᠬᠦ ᠵᠤᠷᠢᠭ ᠪᠠᠶᠢᠬᠤ ᠬᠡᠷᠡᠭᠲᠡᠢ᠃ ᠨᠠᠰᠤ ᠦᠰᠴᠤ ᠦᠨᠳᠤᠷᠵᠢᠬᠦ ᠶᠢ ᠲᠠᠭᠠᠯᠳᠤᠨ ᠪᠡᠶ᠎ᠡ ᠠᠴᠠ ᠪᠠᠨ ᠬᠦᠴᠦᠷᠭᠡᠭ᠂ ᠪᠡᠶ᠎ᠡ ᠠᠴᠠ ᠪᠠᠨ ᠰᠢᠯᠢᠳᠡᠭ ᠬᠦᠮᠤᠨ ᠲᠠᠢ ᠤᠴᠠᠷᠠᠵᠤ᠂ ᠦᠪᠡᠷ ᠤᠨ ᠲᠤᠳᠠᠭᠳᠠᠯ ᠢᠶᠠᠨ ᠤᠯᠵᠤ ᠬᠠᠷᠠᠭᠠᠷᠠᠢ᠃ ᠮᠠᠰᠢ ᠤᠯᠠᠨ ᠲᠤᠳᠠᠬᠳᠠᠯ ᠨᠢ ᠴᠢᠮ᠎ᠡ ᠶᠢ ᠤᠷᠮ᠎ᠠ ᠬᠤᠭᠤᠷᠠᠭᠤᠯᠵᠤ᠂ ᠰᠡᠳᠭᠢᠯ ᠵᠢᠷᠤᠭᠡ ᠶᠢ ᠴᠢᠨᠢ ᠪᠠᠵᠠᠯᠠᠬᠤ ᠶᠤᠮ᠃ ᠲᠡᠭᠦᠨ ᠢ ᠪᠠᠭ᠎ᠠ ᠪᠠᠭ᠎ᠠ ᠪᠠᠷ ᠬᠠᠯᠠᠨ᠂ ᠪᠡᠶ᠎ᠡ ᠳᠡᠭᠡᠨ ᠢᠳᠡᠭᠡᠵᠤ ᠶᠠᠪᠤᠬᠤ ᠨᠢ ᠤᠳᠭ᠎ᠠ ᠠᠭᠤᠯᠭ᠎ᠠ ᠲᠠᠢ ᠶᠤᠮ᠃ ᠶᠢᠷᠳᠢᠨᠴᠣ ᠲᠠᠯᠠᠭᠡᠢ ᠶᠢᠨ ᠤᠷᠤᠰᠬᠠᠯ ᠶᠠᠭᠠᠬᠢᠵᠤ ᠬᠤᠪᠢᠷᠠᠭᠰᠠᠨ ᠴᠤ᠂ ᠬᠦᠮᠤᠨ ᠤ ᠰᠢᠯᠢᠳᠡᠭ ᠵᠠᠩ ᠴᠢᠨᠠᠷ — ᠢᠳᠡᠭᠡᠯ ᠪᠢᠰᠢᠷᠠᠯ᠂ ᠰᠢᠯᠤᠭᠤᠨ ᠴᠠᠭᠠᠪᠤᠷ᠂ ᠡᠷᠡᠯᠭᠡᠭ ᠪᠠᠭᠠᠳᠤᠷᠯᠢᠭ᠂ ᠪᠡᠶ᠎ᠡ ᠪᠠᠨ ᠲᠠᠭᠠᠭᠠᠬᠤ ᠶᠠᠪᠤᠳᠠᠯ ᠪᠤᠯ ᠦᠨᠢ ᠮᠦᠡᠭᠭᠡ ᠶᠤᠮ᠃ ᠦᠢᠯᠡᠰ ᠦᠭᠡᠢ ᠭᠡᠵᠤ ᠭᠤᠨᠢᠷᠬᠠᠭᠠᠳ ᠪᠠᠶᠢᠪᠠᠯ ᠤᠶᠢᠳᠬᠠᠷ ᠭᠤᠨᠢᠭ ᠲᠠᠢ ᠨᠢᠭᠡ ᠨᠠᠰᠤ᠂ ᠤᠬᠠᠭᠠᠨ ᠰᠡᠷᠭᠦᠯᠡᠩ ᠠᠮᠢᠳᠤᠷᠠᠵᠤ ᠶᠠᠪᠤᠪᠠᠯ ᠤᠳᠭ᠎ᠠ ᠠᠭᠤᠯᠭ᠎ᠠ ᠲᠠᠢ ᠨᠢᠭᠡ ᠨᠠᠰᠤ ᠰᠢᠤ︕ ︽ᠲᠡᠮᠤᠷ ᠲᠡᠭᠡᠷ᠎ᠡ ᠤᠷᠤᠮ ᠲᠠᠢ᠂ ᠬᠠᠳᠠᠨ ᠲᠡᠭᠡᠷ᠎ᠡ ᠮᠦᠷ ᠲᠠᠢ︾ ᠶᠠᠪᠤᠵᠠᠭᠠᠶ᠎ᠠ︕ 
ᠢᠷᠡᠯᠲᠡ᠄ ᠤᠷᠳᠤᠰ ᠤᠨ ᠡᠳᠤᠷ ᠤᠨ ᠰᠤᠨᠢᠨ