ᠪᠣᠷᠣᠭᠠᠨ ᠤ ᠦᠩᠭᠡ
ᠨᠡᠶᠢᠲᠡᠯᠡᠭᠰᠡᠨ ᠴᠠᠭ᠄
2023/11/29
                                           ● ᠡᠷᠬᠢᠮᠲᠣᠭᠲᠠᠬᠤᠪᠣᠷᠣᠭᠠᠨ ᠢ ᠪᠢ ᠪᠣᠲᠠᠷᠠᠵᠤ ᠪᠣᠢ ᠤᠰᠤᠨ ᠴᠡᠴᠡᠭᠡᠰ ᠭᠡᠵᠦ ᠲᠦᠰᠦᠭᠡᠯᠡᠨ᠎ᠡᠪᠣᠯᠪᠠᠷᠠᠶᠢᠬᠠᠨ ᠲᠡᠷᠡ ᠳᠡᠯᠪᠢᠭᠡᠨ ᠳᠤᠮᠳᠠ ᠪᠢ ᠪᠣᠳᠣᠯ ᠢᠶᠠᠨ ᠲᠠᠶᠢᠴᠢᠨ ᠤᠳᠠᠳᠠᠯ᠎ᠠ ᠵᠣᠭᠰᠣᠬᠤ ᠶᠢ ᠰᠠᠨᠠᠨ᠎ᠠᠪᠣᠳᠣᠯ ᠤᠨ ᠲᠠᠭᠲᠠᠭᠰᠠᠨ ᠭᠬᠢᠷ ᠨᠤᠭᠤᠳ ᠪᠣᠷᠣᠭᠠᠨ ᠤ ᠦᠩᠭᠡᠨ ᠳᠤ ᠤᠷᠤᠰᠴᠤᠪᠠᠶᠢᠭᠠᠯᠢ ᠶᠢᠨ ᠦᠵᠡᠰᠭᠦᠯᠡᠩᠲᠦ ᠭᠠᠯᠪᠢᠷ ᠲᠤ ᠪᠢ ᠥᠪᠡᠷ ᠲᠠᠢ ᠪᠠᠨ ᠬᠤᠪᠢᠷᠠᠬᠤ ᠶᠢ ᠬᠦᠰᠡᠨ᠎ᠡᠪᠣᠷᠣᠭᠠᠨ ᠢ ᠪᠢ ᠤᠷᠭᠤᠵᠤ ᠪᠣᠢ ᠡᠪᠡᠰᠦᠨ ᠤ ᠠᠮᠢᠰᠬᠤᠭ᠎ᠠ ᠭᠡᠵᠦ ᠴᠢᠩᠨᠠᠨ᠎ᠠᠰᠠᠯᠬᠢ ᠲᠣᠬᠤᠶᠢᠯᠳᠠᠨ ᠨᠠᠶᠢᠭᠤᠬᠤ ᠰᠢᠨᠡᠬᠡᠨ ᠡᠪᠡᠰᠦᠨ ᠤ ᠳᠡᠷᠭᠡᠲᠡ ᠪᠢ ᠠᠭᠤᠵᠢᠭᠤᠬᠠᠨ ᠪᠠᠶᠢᠬᠤ ᠶᠢ ᠪᠣᠳᠣᠨ᠎ᠠᠰᠠᠶ᠎ᠠ ᠮᠢᠩᠭᠠᠨ ᠵᠢᠯ ᠢᠶᠠᠷ ᠣᠷᠴᠢᠯᠠᠩ ᠴᠢᠮᠡᠨ ᠨᠠᠯᠠᠶᠢᠬᠤᠰᠡᠷᠭᠦᠯᠡᠩᠬᠡᠨ ᠡᠨᠡ ᠳᠣᠮᠤᠭ ᠤᠨ ᠦᠷᠬᠦᠯᠵᠢᠯᠡᠯ ᠳᠤ ᠪᠢ ᠥᠪᠡᠷ ᠢ ᠪᠠᠨ ᠦᠩᠭᠡᠯᠡᠵᠦ ᠣᠷᠣᠰᠢᠨ᠎ᠠᠪᠣᠷᠣᠭᠠᠨ ᠢ ᠪᠢ ᠴᠢᠯᠠᠭᠤᠳ ᠤᠨ ᠤᠶᠢᠳᠬᠠᠷ ᠭᠡᠵᠦ ᠮᠡᠳᠡᠷᠡᠨ᠎ᠡᠴᠢᠮᠡᠭᠡᠭᠦᠢ ᠳᠤᠭᠤᠶᠢᠷᠠᠬᠤ ᠴᠢᠯᠠᠭᠤᠳ ᠤᠨ ᠬᠠᠵᠠᠭᠤᠳᠠ ᠪᠢ ᠨᠠᠮ ᠬᠥᠮ ᠤᠨ ᠠᠨᠢᠷ ᠲᠤ ᠠᠭᠤᠰᠤᠨ᠎ᠠᠴᠡᠭᠡᠵᠢ ᠠᠯᠠᠭ᠂ ᠴᠡᠭᠡᠨ ᠪᠣᠷᠣ ᠁ ᠵᠠᠭᠤᠨ ᠵᠢᠰᠦᠮ ᠢᠶᠠᠷ ᠲᠣᠭᠠᠯᠠᠵᠤᠴᠡᠩᠬᠡᠷ ᠪᠣᠷᠣᠭᠠᠨ ᠤ ᠭᠤᠨᠢᠭ ᠢ ᠥᠪᠡᠷ ᠠᠴᠠ ᠪᠠᠨ ᠴᠦ ᠨᠡᠩᠵᠢᠵᠦ ᠦᠵᠡᠨ᠎ᠡᠪᠣᠷᠣᠭᠠᠨ ᠢ ᠪᠢ ᠪᠣᠷᠬᠠᠨ ᠤ ᠮᠡᠯᠮᠡᠢ ᠠᠴᠠ ᠳᠤᠰᠤᠯᠠᠬᠤ ᠨᠢᠯᠪᠤᠰᠤ ᠭᠡᠵᠦ ᠰᠡᠳᠭᠢᠨ᠎ᠡᠪᠠᠷᠢᠭᠰᠠᠨ ᠵᠤᠯᠠ ᠶᠢᠨ ᠰᠦᠮᠡᠭ ᠲᠤ ᠠᠰᠬᠠᠷᠠᠬᠤ ᠪᠣᠳᠢ ᠰᠡᠳᠭᠢᠯ ᠤᠨ ᠠᠷᠭᠠᠳᠠᠯ ᠬᠡᠮᠡᠨ ᠰᠦᠬᠦᠷᠡᠨ᠎ᠡᠪᠢᠴᠢᠬᠠᠨ ᠬᠡᠥᠬᠡᠳ ᠰᠢᠭ ᠠᠯᠠᠭᠠᠨ ᠳᠡᠭᠡᠷ᠎ᠡ ᠪᠠᠨ ᠪᠢᠲᠡᠭᠦᠯᠡᠵᠦ ᠪᠢᠪᠠᠯᠠᠷᠠ ᠠᠯᠳᠠᠬᠤ ᠬᠥᠮᠥᠨ ᠮᠣᠳᠣᠨ ᠳᠡᠭᠡᠷ᠎ᠡ ᠥᠪᠡᠷ ᠢ ᠪᠠᠨ ᠴᠡᠴᠡᠭᠯᠡᠭᠦᠯᠬᠦ ᠭᠡᠵᠦ ᠳᠤᠰᠤᠭᠠᠨ᠎ᠠᠣᠯᠠᠨ ᠮᠢᠩᠭᠠᠨ ᠦᠩᠭᠡ ᠳᠤ ᠣᠴᠢᠵᠤ ᠪᠣᠷᠣᠭᠠᠨ ᠣᠷᠴᠢᠯᠠᠩ ᠢ ᠴᠠᠭ ᠬᠤᠭᠤᠴᠠᠭᠠᠨ ᠳᠤ ᠬᠦᠲᠦᠯᠦᠨ᠎ᠡᠤᠯᠠᠷᠢᠯ ᠤᠨ ᠳᠡᠯᠭᠡᠷᠡᠩᠭᠦᠢ ᠦᠭᠡ ᠨᠦᠭᠦᠳ ᠲᠤ ᠬᠡᠯᠬᠢᠵᠦ ᠦᠯᠢᠭᠡᠷ ᠤᠨ ᠰᠠᠯᠠᠭᠠᠨ ᠳᠤ ᠡᠰᠭᠡᠨ᠎ᠡᠣᠡᠭ ᠴᠠᠭᠠᠨ ᠭᠡᠷᠡᠯ ᠪᠣᠶᠤ ᠤᠷᠠᠨ ᠽᠠᠨᠳᠠᠨ ᠦᠨᠦᠷ ᠯᠠᠤᠬᠠᠭᠠᠨ ᠴᠣᠭᠴᠠᠰ ᠢ ᠮᠢᠨᠢ ᠤᠷᠭᠤᠭᠤᠯᠵᠤ ᠭᠠᠵᠠᠷ ᠲᠤ ᠬᠠᠨᠤᠬᠤ ᠶᠢ ᠭᠤᠷᠢᠯᠠᠨ᠎ᠠᠪᠣᠷᠣᠭᠠᠨ ᠢ ᠪᠢ ᠤᠷᠭᠤᠵᠤ ᠪᠣᠢ ᠡᠭᠦᠯᠡᠰ ᠤᠨ ᠬᠡᠯᠡ ᠭᠡᠵᠦ ᠰᠣᠯᠣᠩᠭ᠎ᠠ ᠨᠣᠮᠣᠯᠠᠲᠠᠯ᠎ᠠ ᠬᠠᠭᠤᠴᠢᠯᠠᠨ᠎ᠠᠤᠤᠯ ᠨᠢ ᠲᠠᠩᠭᠢᠰ ᠲᠤ ᠨᠠᠪᠴᠢᠯᠠᠵᠤ ᠪᠠᠰᠠ ᠲᠡᠭᠷᠢ ᠳᠤ ᠨᠡᠭᠦᠳᠡᠯᠯᠡᠭᠰᠡᠨ ᠭᠡᠳᠡᠭ ᠶᠡᠭᠡ ᠲᠣᠪᠴᠢᠶᠠᠨ ᠰᠣᠨᠤᠰᠤᠨ᠎ᠠᠤᠶᠠᠩᠭ᠎ᠠ ᠶᠢᠨ ᠡᠭᠡᠰᠢᠭ ᠢ ᠨᠢ ᠲᠡᠭᠦᠵᠦ ᠵᠢᠷᠦᠬᠡᠨ ᠴᠢᠰᠤ ᠲᠠᠢ ᠪᠠᠨ ᠰᠦᠯᠡᠵᠦ ᠪᠢᠥᠬᠢᠨ ᠤ ᠪᠠᠨ ᠭᠠᠷ ᠠᠴᠠ ᠬᠦᠲᠦᠯᠵᠦ ᠳ᠋ᠦᠩᠭᠡᠷ ᠳ᠋ᠠᠩᠭᠠᠷ ᠠᠯᠬᠤᠯᠠᠨ᠎ᠠᠪᠣᠷᠣᠭᠠᠨ ᠢ ᠪᠢ ᠤᠷᠤᠰᠴᠤ ᠪᠣᠢ ᠭᠤᠣᠯ ᠤᠨ ᠠᠯᠬᠤᠭ᠎ᠠ ᠭᠡᠵᠦ ᠡᠷᠭᠢ ᠪᠠᠷᠢᠵᠤ ᠴᠤᠭ ᠶᠠᠪᠤᠨ᠎ᠠᠤᠭᠠᠯᠵᠠ ᠬᠡ ᠲᠠᠢ ᠡᠨᠡ ᠵᠢᠷᠤᠭ ᠨᠤᠲᠤᠭ ᠤᠨ ᠰᠢᠷᠣᠢ ᠳᠤ ᠰᠢᠩᠭᠡᠵᠦ ᠪᠠᠰᠠ ᠨᠢᠭᠡᠨ ᠵᠦᠭ ᠣᠳᠣᠨ᠎ᠠᠤᠰᠤᠨ ᠤ ᠳᠣᠲᠣᠷ᠎ᠠ ᠮᠢᠨᠤ ᠰᠡᠭᠦᠳᠡᠷ ᠳᠡᠩᠳᠡᠭᠦᠦ ᠭᠡᠶᠢᠷᠡᠭ ᠲᠣᠩᠭᠤᠴᠠᠬᠤ ᠳᠤᠤᠳᠠᠭᠠᠨ ᠬᠠᠨᠢᠰᠤᠭᠰᠠᠨ ᠥᠪᠡᠷ ᠤᠨ ᠢᠶᠠᠨ ᠰᠡᠭᠦᠳᠡᠷ ᠲᠤ ᠪᠣᠷᠣᠭᠠᠨ ᠬᠠᠩᠬᠤᠯᠬᠤ ᠶᠢ ᠮᠥᠷᠥᠭᠡᠳᠦᠨ᠎ᠡᠬᠠᠷᠠᠭᠳᠠᠭᠴᠢ ᠠᠭᠤᠯᠠᠰ ᠬᠠᠵᠠᠭᠤᠳᠠᠬᠢ ᠵᠦᠢᠯᠡᠰ ᠪᠦᠷ ᠯᠠ ᠪᠣᠷᠣᠭᠠᠨ ᠪᠠᠶᠢᠬᠤ ᠪᠠᠷ ᠪᠣᠳᠣᠨ᠎ᠠᠬᠠᠩᠭᠠᠢ ᠶᠢᠨ ᠳᠦᠷᠪᠡᠨ ᠤᠯᠠᠷᠢᠯ ᠬᠠᠯᠪᠠᠯᠵᠠᠵᠤ ᠣᠷᠴᠢᠯᠠᠩ ᠤᠨ ᠬᠢᠵᠠᠭᠠᠷ ᠡᠷᠭᠢᠯᠳᠦᠨ᠎ᠡᠬᠠᠨ ᠲᠡᠭᠷᠢ ᠶᠢᠨ ᠬᠤᠷ᠎ᠠ ᠴᠠᠭ ᠲᠠᠭᠠᠨ ᠲᠡᠩᠴᠡᠭᠦᠬᠡᠨ ᠪᠠᠶᠢᠳᠠᠭ ᠯᠠ ᠶᠤᠮ ᠪᠣᠯᠬᠠᠶᠢᠷᠠᠯᠠᠯᠲᠠᠢ ᠮᠢᠨᠤ ᠣᠷᠣᠰᠢᠬᠤᠢ ᠵᠠᠢ ᠡᠭᠦᠷᠢᠳᠡ ᠦᠩᠭᠡᠯᠢᠭ ᠪᠠᠶᠢᠳᠠᠭ ᠰᠠᠨ᠃ 
ᠢᠷᠡᠯᠲᠡ᠄ ᠤᠷᠳᠤᠰ ᠤᠨ ᠡᠳᠤᠷ ᠤᠨ ᠰᠤᠨᠢᠨ