ᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤ ︵ᠰᠢᠯᠢᠳᠡᠭ ᠲᠡᠰ︶
ᠨᠡᠶᠢᠲᠡᠯᠡᠭᠰᠡᠨ ᠴᠠᠭ᠄
2023/11/23
                                     ● ᠰ᠊ · ᠪᠦᠬᠡᠴᠢᠯᠠᠭᠤ ᠵᠡᠬᠦᠳᠦᠨ ᠲᠤᠳᠤᠷ᠎ᠠ ᠵᠢᠷᠤᠭ ᠮᠡᠳᠦ ᠠᠯᠳᠠᠨ ᠭᠠᠨᠳᠠᠷᠢ ᠮᠢᠨᠦᠵᠢᠷᠦᠭᠡᠨ ᠲᠤᠳᠤᠷᠡᠬᠢ ᠰᠢᠳᠤᠭᠡᠨ ᠠᠯᠳᠠᠨ ᠭᠠᠨᠳᠠᠷᠢ ᠮᠢᠨᠦᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠨᠠᠷᠠ ᠪᠤᠯᠵᠦ ᠵᠢᠷᠦᠭᠡᠨ ᠲᠤᠯᠳᠤ ᠠᠴᠠ ᠤᠷᠭᠤᠨ᠎ᠠᠨᠠᠢᠮᠠᠨ ᠵᠠᠭᠤᠨ ᠨᠠᠰᠤᠳᠤ ᠲᠡᠦᠭᠡ ᠶᠢᠨ ᠮᠤᠳᠤᠨ ᠤ ᠴᠢᠨᠢᠨᠠᠪᠴᠢ ᠬᠦᠷᠳᠡᠯ᠎ᠡ ᠰᠢᠪᠠᠭᠤ ᠲᠠᠢ ᠪᠠᠨ ᠬᠤᠤᠰᠯᠠᠨ ᠵᠢᠷᠭᠢᠭᠡᠳᠨᠠᠶᠢᠷᠰᠠᠭ ᠰᠠᠯᠭᠢᠨ ᠤ ᠭᠡᠯᠨ ᠪᠠᠷ ᠲᠦᠷᠪᠡᠨ ᠵᠦᠭ ᠲᠡᠭᠡᠨ ᠤᠶᠠᠩᠭᠠᠷᠠᠨ᠎ᠠᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠰᠠᠷᠠ ᠬᠤᠪᠢᠯᠤᠭᠠᠳ ᠰᠦᠨᠢ ᠶᠢ ᠰᠦᠯᠡᠵᠦ ᠲᠤᠶᠠᠭᠠᠷᠠᠨ᠎ᠠᠰᠠᠴᠤᠷᠠᠭᠰᠠᠨ ᠮᠦᠩᠬᠦᠨ ᠲᠤᠶᠠᠭ᠎ᠠ ᠨᠢ ᠲᠤᠪᠴᠢᠶᠠᠨ ᠤ ᠭᠡᠷᠡᠯ ᠮᠡᠳᠦᠰᠡᠳᠭᠢᠯ ᠤᠨ ᠭᠡᠭᠡᠪᠴᠢ ᠪᠠᠷ ᠰᠦ ᠰᠢᠭ ᠠᠰᠬᠠᠷᠠᠭᠠᠳᠰᠡᠭᠡᠭᠡᠷᠡᠭᠰᠡᠨ ᠬᠠᠷᠠᠴᠠᠨ ᠳᠤ ᠮᠦᠷᠦᠭᠡᠳᠦᠯ ᠤᠨ ᠵᠢᠷᠳᠢᠨᠴᠦ ᠲᠤᠳᠤᠷᠠᠨ᠎ᠠᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠨᠠᠢᠮᠠᠨ ᠰᠢᠷᠭ᠎ᠠ ᠡ᠊ᠩᠭᠡᠷ ᠲᠤ ᠴᠢᠨᠢ ᠤᠩᠭᠤᠯᠳᠤᠨ ᠦᠤᠷᠰᠡᠨ᠎ᠡᠨᠠᠮᠢᠷᠠᠭᠰᠠᠨ ᠲᠠᠯ ᠨᠢ ᠲᠤᠭ ᠰᠢᠭ ᠦᠭᠡᠳᠡ ᠪᠠᠨ ᠴᠦᠢᠯᠵᠦᠨᠠᠷᠢᠨ ᠭᠤᠤᠯ ᠤᠨ ᠴᠢᠨᠢ ᠤᠷᠤᠰᠬᠠᠯ ᠬᠠᠶᠢᠷ᠎ᠠ ᠪᠠᠷ ᠬᠠᠯᠭᠢᠯᠠᠭᠠᠳᠨᠠᠮᠬᠠᠷᠠᠰᠢ ᠦᠭᠡᠢ ᠪᠤᠳᠤᠯ ᠮᠢᠨᠢ ᠨᠢᠭᠡᠨ ᠵᠠᠭᠤᠨ ᠳᠤ ᠨᠠᠪᠳᠡᠷᠡᠨ᠎ᠡᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠪᠤᠷᠬᠠᠨ ᠲᠤᠯᠤᠭᠠᠨ ᠤᠳᠤᠨ ᠤᠷᠤᠢ ᠲᠡᠭᠡᠷ᠎ᠡ ᠴᠢᠨᠢ ᠲᠤᠷᠮᠤᠯᠵᠠᠨ᠎ᠠᠪᠤᠭᠳᠠ ᠶᠢᠨ ᠭᠡᠭᠡᠨ ᠰᠦᠨᠡᠰᠦ ᠬᠠᠷᠠᠩᠭᠤᠢ ᠶᠢ ᠭᠡᠶᠢᠬᠦᠯᠵᠦᠪᠤᠷᠤ ᠲᠤᠯᠤᠭᠠᠳ ᠲᠤᠳᠤᠷ᠎ᠠ ᠠᠴᠠ ᠪᠠᠨ ᠡᠭᠢᠯᠡᠵᠦ ᠭᠡᠷᠡᠯᠳᠤᠭᠡᠳᠪᠤᠯᠠᠭ ᠱᠠᠩᠳᠠ ᠡᠷᠳᠡᠨ ᠤ ᠠᠶᠠᠯᠭᠤ ᠬᠦᠭᠯᠡᠨ᠎ᠡᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠨᠡᠬᠦᠳᠡᠯ ᠤᠨ ᠬᠤᠨ ᠴᠡᠩᠭᠡᠷ ᠨᠠᠭᠤᠷ ᠲᠠᠭᠠᠨ ᠨᠤᠷᠭᠢᠯᠳᠤᠨ᠎ᠠᠨᠢᠩᠵᠢᠨ ᠴᠠᠭᠠᠨ ᠡᠬᠦᠯᠡᠰ ᠬᠤᠷ᠎ᠠ ᠪᠤᠯᠤᠨ ᠱᠠᠭᠢᠵᠦᠨᠢᠵᠢᠭᠢᠨᠡᠭᠰᠡᠨ ᠲᠦᠪᠡᠷᠭᠡᠨ ᠲᠠᠯ᠎ᠠ ᠬᠠᠩᠭᠠᠢ ᠠᠴᠠ ᠤᠷᠭᠤᠭᠠᠳᠨᠠᠭᠤ ᠬᠤᠨ ᠤ ᠢᠯᠠᠯᠳᠠ ᠶᠢᠨ ᠤᠤᠬᠠᠢ ᠴᠤᠤᠷᠢᠶᠠᠳᠤᠨ᠎ᠠᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠰᠦᠨᠦᠭᠰᠡᠨ ᠠᠭᠤᠯᠠᠰ ᠤᠨ ᠴᠢᠯᠠᠭᠤᠳ ᠲᠦᠪ ᠦᠭᠡᠳᠡ ᠪᠠᠨ ᠬᠦᠶᠦᠯᠳᠦᠨ᠎ᠡᠰᠡᠪᠡᠯᠵᠡᠭᠰᠡᠨ ᠵᠢᠪᠠᠷ ᠲᠠᠯ᠎ᠠ ᠶᠢᠨ ᠰᠢᠷᠬ᠎ᠠ ᠶᠢ ᠲᠤᠯᠢᠶᠠᠵᠦ ᠡᠳᠡᠭᠡᠭᠡᠳᠰᠢᠬᠦᠳᠡᠷᠢ ᠶᠢᠨ ᠨᠢᠳᠦᠨ ᠳᠤ ᠬᠦᠭᠡ ᠤᠷᠴᠢᠯᠠᠩ ᠡᠷᠭᠢᠯᠳᠦᠬᠦ ᠪᠠᠷᠰᠡᠯᠡᠬᠦᠨ ᠵᠡᠬᠦᠳᠦᠨ ᠳᠤ ᠲᠤᠮᠤᠭ ᠤᠨ ᠪᠠᠭᠠᠳᠤᠷ ᠪᠠᠭᠤᠨ᠎ᠠᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠲᠤᠭᠤᠰᠤ ᠪᠠᠨ ᠬᠦᠪᠢᠵᠦ ᠠᠯᠳᠠᠨ ᠭᠠᠨᠳᠠᠷᠢ ᠮᠢᠨᠢ ᠰᠡᠭᠦ᠋ᠨ᠎ᠡᠲᠤᠳᠤᠷ᠎ᠠ ᠨᠢ ᠲᠡᠯᠡᠭᠡᠢ ᠦᠪᠡᠷ ᠤᠨ ᠢᠶᠠᠨ ᠦᠯᠢᠭᠡᠷ ᠢ ᠬᠦᠤᠷᠨᠢᠬᠦ ᠪᠠᠷᠲᠤᠳᠠᠭᠤ ᠪᠠᠨ ᠨᠦᠬᠦᠬᠦ ᠭᠡᠰᠡᠨ ᠰᠠᠨᠠᠭ᠎ᠠ ᠶᠢ ᠴᠢᠨᠢ ᠲᠤᠭᠤᠷᠤᠤ ᠵᠠᠭᠤᠭᠠᠳᠲᠡᠷᠡ ᠬᠤᠯᠠ ᠶᠢᠨ ᠡᠴᠢᠨ᠎ᠡ ᠭᠢᠵᠠᠭᠠᠷ ᠲᠤ ᠨᠢᠰᠦᠨ᠎ᠡᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠡᠷ᠎ᠡ ᠬᠤᠶᠠᠷ ᠵᠠᠭᠠᠯ ᠲᠠᠨᠵᠢᠨ ᠳᠤ ᠴᠢᠨᠢ ᠴᠤᠪᠬᠤᠴᠢᠨ᠎ᠠᠡᠮᠡᠭᠡᠯ ᠬᠠᠵᠠᠭᠠᠷ ᠤᠨ ᠴᠢᠮᠡᠭᠡ ᠦᠷ ᠢᠶᠠᠷ ᠬᠠᠩᠭᠢᠨᠠᠵᠦᠡᠬᠦᠷᠢᠳᠡ ᠶᠢᠨ ᠨᠢᠭᠡᠨ ᠬᠦᠰᠡᠯ ᠰᠠᠴᠤᠷᠠᠵᠦ ᠲᠡᠷᠭᠡᠯᠰᠢᠭᠡᠳᠡ᠊ᠩ ᠤᠨ ᠪᠠᠶᠢᠬᠤ ᠲᠤᠰᠤᠮ ᠡᠷᠭᠢᠮᠰᠦᠭ ᠰᠠᠨᠠᠭᠳᠠᠨ᠎ᠠᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠲᠡᠭᠷᠢ ᠲᠠᠢ ᠪᠠᠨ ᠴᠢ ᠲᠦᠷᠴᠢᠭᠢᠨᠡᠳᠡᠯ᠎ᠡ ᠵᠤᠭᠤᠭᠳᠠᠨ᠎ᠠᠲᠡᠷᠡ ᠵᠤᠭᠤᠭ ᠴᠢᠨᠢ ᠦᠷᠬᠦᠯᠵᠢᠯᠡᠨ ᠦᠷᠬᠦᠯᠵᠢᠯᠡᠭᠰᠡᠭᠡᠷ ᠁ᠲᠡᠦᠭᠡ ᠶᠢᠨ ᠦᠨᠡᠨ ᠲᠤᠷᠠᠯᠠᠯ ᠤᠨ ᠦᠭᠡ ᠠᠴᠠ ᠴᠦ ᠠᠮᠳᠠᠳᠠᠢᠲᠤᠷᠠᠳᠠᠢ ᠪᠢ ᠲᠡᠬᠦᠨ ᠠᠴᠠ ᠦᠪᠡᠷ ᠢ ᠪᠠᠨ ᠬᠠᠶᠢᠨ᠎ᠠᠨᠢᠳᠦ ᠪᠠᠨ ᠠᠨᠢᠭᠠᠳ ᠴᠢᠮ᠎ᠠ ᠶᠢ ᠦᠭᠡᠶᠢᠯᠡᠬᠦ ᠳᠤᠨᠠᠷᠠ ᠪᠤᠯᠵᠦ ᠵᠢᠷᠦᠭᠡᠨ ᠲᠤᠯᠳᠤ ᠠᠴᠠ ᠤᠷᠭᠤᠨ᠎ᠠᠨᠠᠢᠮᠠᠨ ᠵᠠᠭᠤᠨ ᠨᠠᠰᠤᠳᠤ ᠲᠡᠦᠭᠡ ᠶᠢᠨ ᠮᠤᠳᠤᠨ ᠤ ᠴᠢᠨᠢᠨᠠᠪᠴᠢ ᠬᠦᠷᠳᠡᠯ᠎ᠡ ᠰᠢᠪᠠᠭᠤ ᠲᠠᠢ ᠪᠠᠨ ᠬᠤᠤᠰᠯᠠᠨ ᠵᠢᠷᠭᠢᠭᠡᠳᠨᠠᠶᠢᠷᠰᠠᠭ ᠰᠠᠯᠭᠢᠨ ᠤ ᠭᠡᠯᠨ ᠪᠠᠷ ᠲᠦᠷᠪᠡᠨ ᠵᠦᠭ ᠲᠡᠭᠡᠨ ᠤᠶᠠᠩᠭᠠᠷᠠᠨ᠎ᠠ ᠁ 
ᠢᠷᠡᠯᠲᠡ᠄ ᠤᠷᠳᠤᠰ ᠤᠨ ᠡᠳᠤᠷ ᠤᠨ ᠰᠤᠨᠢᠨ