ᠠᠮᠤᠭᠤᠯᠠᠩ ᠲᠦᠷᠦ ᠶᠢᠨ ᠠᠷᠪᠠᠨ ᠰᠠᠷ᠎ᠠ
ᠨᠡᠶᠢᠲᠡᠯᠡᠭᠰᠡᠨ ᠴᠠᠭ᠄
2023/10/8
                                                             ᠵᠣᠬᠢᠶᠠᠭᠴᠢ᠄ ᠰ᠊ · ᠪᠦᠬᠡᠴᠢᠯᠠᠭᠤ     ᠮᠦᠰᠢᠶᠡᠵᠦ ᠤᠷᠭᠤᠬᠤ ᠨᠠᠷᠠ ᠨᠢ ᠮᠦᠩᠭᠡ ᠶᠢᠨ ᠬᠤᠳᠤᠭ ᠲᠠᠢ᠂ ᠮᠤᠷᠢ ᠲᠠᠢ ᠠᠭᠤᠳᠠᠮ ᠲᠠᠯ᠎ᠠ ᠨᠢ ᠲᠤᠪᠴᠢᠶᠠᠨ ᠤ ᠨᠢᠭᠤᠴᠠ ᠲᠠᠢ ᠮᠢᠨᠦ ᠡᠭᠡ ᠤᠷᠤᠨ ᠤ ᠠᠷᠪᠠᠨ ᠰᠠᠷ᠎ᠠ ᠭᠡᠵᠦ ᠡᠯᠪᠡᠭ ᠬᠤᠷᠢᠶᠠᠯᠳᠠ ᠶᠢᠨ ᠤᠶᠠᠩᠭ᠎ᠠ ᠲᠠᠭᠤᠤ ᠴᠠᠯᠭᠢᠯᠠᠭᠰᠠᠨ᠂ ᠦᠭᠡᠳᠡ ᠡᠰᠡᠷᠡᠭ᠂ ᠦᠯᠵᠠᠢ ᠵᠢᠷᠭᠠᠯ ᠲᠠᠢ᠂  ᠤᠳᠬ᠎ᠠ ᠬᠦᠨᠵᠡᠭᠡᠢ ᠤᠯᠠᠷᠢᠯ ᠶᠤᠮᠰᠠᠨ᠃     ᠬᠠᠯᠢᠭᠤᠷᠠᠭᠰᠠᠨ ᠰᠢᠰᠢ ᠶᠢᠨ ᠲᠠᠷᠢᠶ᠎ᠠ ᠨᠢ ᠠᠯᠮᠤᠷᠠᠳ ᠰᠢᠭ ᠤᠯᠠᠶᠢᠳᠠᠯ᠎ᠠ ᠪᠤᠯᠪᠠᠰᠤᠷᠠᠭᠠᠳ ᠬᠠᠩᠬᠤᠯᠤᠭᠰᠠᠨ ᠦᠨᠦᠷ ᠨᠢ ᠬᠤᠩᠭᠤᠷ ᠨᠠᠮᠤᠷ ᠤᠨ ᠡᠷᠭᠡ ᠰᠠᠯᠭᠢᠨ ᠳᠤ ᠲᠦᠷᠪᠡᠨ ᠵᠦᠭ ᠨᠠᠢᠮᠠᠨ ᠵᠤᠪᠭᠢᠰ ᠠᠩᠭᠢᠯᠬᠤ ᠳᠤ ᠬᠠᠨᠠᠶᠢᠵᠦ ᠰᠡᠭᠦᠶᠢᠭᠰᠡᠨ ᠪᠤᠭᠤᠷᠤᠯ ᠠᠭᠤᠯᠠᠰ ᠨᠢ ᠦᠭᠡᠳᠡ ᠪᠠᠨ ᠦᠨᠳᠡᠯᠵᠡᠭᠡᠳ ᠬᠠᠩᠭᠠᠢ ᠳᠤ ᠲᠦᠭᠡᠭᠰᠡᠨ ᠬᠦᠷᠡᠩ ᠴᠢᠯᠠᠭᠤᠳ ᠨᠢ ᠲᠤᠳᠤᠷ᠎ᠠ ᠠᠴᠠ ᠪᠠᠨ ᠭᠡᠷᠡᠯᠳᠦᠨ᠎ᠡ᠃     ᠬᠠᠳᠤᠵᠦ ᠬᠤᠷᠢᠶᠠᠬᠤ ᠮᠠᠰᠢᠨ ᠤ ᠲᠠᠭᠤᠤ᠂ ᠬᠦᠮᠦᠨ ᠵᠤᠨ ᠤ ᠬᠦᠭᠰᠡᠵᠦ ᠲᠤᠭᠳᠤᠯᠤᠭᠰᠠᠨ ᠢᠨᠢᠶᠡᠳᠦ ᠬᠦᠭ ᠨᠡᠶᠢᠯᠡᠵᠦ ᠬᠦᠳᠡᠭᠡ ᠨᠤᠳᠤᠭ ᠠᠴᠠ ᠬᠦᠭᠡ ᠤᠭᠳᠠᠷᠭᠤᠢ ᠳᠤ ᠬᠦᠩᠭᠢᠨᠡᠬᠦ ᠪᠠᠷ ᠬᠦᠳᠦᠯ ᠪᠦᠷᠬᠦᠭᠰᠡᠨ ᠬᠤᠨᠢᠨ ᠰᠦᠷᠦᠭ ᠤᠨ ᠢᠶᠠᠨ ᠲᠡᠷᠭᠡᠳᠡ ᠬᠦᠭᠡᠷᠦᠬᠦᠨ ᠪᠦᠰᠡᠬᠦᠢ ᠰᠠᠨᠠᠭᠠᠨ ᠤ ᠪᠠᠨ ᠠᠶ᠎ᠠ ᠪᠠᠷ ᠲᠠᠭᠤᠤ ᠠᠶᠠᠯᠬᠤ ᠳᠤ ᠡᠷᠭᠢ ᠶᠢᠨ ᠴᠤᠤᠷᠢᠶ᠎ᠠ ᠠᠮᠢᠯᠠᠨ ᠲᠡᠯᠡᠷᠡᠵᠦ ᠡᠶ᠎ᠡ ᠨᠠᠶᠢᠷᠰᠠᠭ ᠴᠠᠭ ᠡᠷᠢᠨ ᠤ ᠪᠡᠯᠭᠡ ᠲᠡᠮᠳᠡᠭ ᠰᠢᠭ ᠰᠡᠳᠭᠢᠯ ᠳᠤ ᠲᠠᠩᠳᠠ ᠠᠶᠠᠳᠠᠢ ᠰᠠᠨᠠᠭᠳᠠᠨ᠎ᠠ᠃     ᠠᠭᠤᠤ ᠶᠡᠭᠡ ᠡᠭᠡ ᠤᠷᠤᠨ ᠤ ᠮᠢᠨᠢ ᠠᠷᠪᠠᠨ ᠰᠠᠷ᠎ᠠ ᠢᠷᠠᠭᠤ ᠨᠠᠶᠢᠷᠠᠭ ᠰᠢᠭ᠋ ᠭᠤᠶᠤ ᠡ᠃     ᠴᠠᠭ ᠬᠤᠭᠤᠴᠠᠭ᠎ᠠ ᠶᠢ ᠰᠡᠷᠭᠡᠢ ᠲᠠᠨᠢᠳᠠᠭ ᠨᠡᠬᠦᠳᠡᠯ ᠤᠨ ᠰᠢᠪᠠᠭᠤᠳ ᠨᠠᠭᠤᠷ ᠤᠨ ᠤᠰᠤᠨ ᠳᠠᠭᠠᠨ ᠨᠤᠷᠭᠢᠯᠳᠤᠨ ᠱᠤᠩᠪᠠᠨ᠎ᠠ᠃ ᠤᠳᠠᠯ ᠦᠭᠡᠢ ᠶᠡᠭᠡ ᠨᠡᠬᠦᠳᠡᠯ ᠡᠭᠢᠯᠡᠬᠦ ᠭᠡᠵᠦ ᠪᠠᠶᠢᠭ᠎ᠠ ᠳᠠᠭᠠᠨ ᠵᠢᠷᠦᠭᠡᠨ ᠤ ᠪᠠᠨ ᠦᠭᠡ ᠶᠢ ᠨᠠᠭᠤᠷ ᠲᠠᠭᠠᠨ ᠰᠢᠪᠡᠨᠡᠭᠡ ᠴᠦ ᠶᠤᠮ ᠤᠤ︖ ᠨᠠᠭᠤᠷ ᠨᠢ ᠠᠷ ᠲᠠᠳᠠᠨ ᠮᠡᠯᠮᠡᠷᠡᠨ᠎ᠡ᠃ ᠤᠰᠤ ᠪᠠᠨ ᠠᠷᠭᠠᠳᠠᠵᠦ ᠵᠢᠭᠠᠰᠤ ᠨᠢ ᠴᠤᠯᠭᠢᠨ᠎ᠠ᠃ ᠬᠦᠪᠡᠭᠡᠨ ᠳᠤᠨᠢ ᠤᠷᠭᠤᠭᠰᠠᠨ ᠬᠤᠯᠤᠰᠤ ᠵᠡᠭᠡᠰᠦ ᠱᠤᠤᠭᠢᠨ᠎ᠠ᠃ ᠮᠢᠨᠦ ᠡᠭᠡ ᠤᠷᠤᠨ ᠤ ᠶᠠᠭᠤ ᠪᠦᠬᠦᠨ ᠰᠡᠳᠭᠢᠯ ᠵᠢᠷᠦᠭᠡᠨ ᠤ ᠬᠤᠯᠪᠤᠭ᠎ᠠ ᠲᠠᠢ ᠴᠦ ᠪᠢᠯᠢᠦ︖      ᠲᠡᠷᠳᠡᠭᠡ ᠬᠦᠨᠳᠡᠢ ᠶᠢᠨ ᠶᠡᠭᠡ ᠤᠢ ᠶᠢ ᠪᠠᠷᠠᠯᠠᠬᠤ ᠳᠤ ᠠᠯᠳᠠᠨ ᠰᠢᠷᠭᠠᠯ ᠨᠠᠪᠴᠢᠰ ᠭᠠᠵᠠᠷ ᠤᠨ ᠭᠦᠨ ᠤᠷᠤᠭᠤ ᠰᠢᠪᠠᠭᠤ ᠰᠢᠭ᠋ ᠨᠢᠰᠦᠨ᠎ᠡ᠃ ︽ᠨᠠᠪᠴᠢᠰ ᠦᠨᠳᠦᠰᠦ ᠪᠠᠨ ᠬᠠᠶᠢᠵᠦ ᠡᠪᠦᠯᠵᠢᠶ᠎ᠠ ᠶᠢᠨ ᠶᠢᠷᠳᠢᠨᠴᠤ ᠠᠴᠠ ᠤᠷᠢᠨ ᠲᠤᠯᠠᠭᠠᠨ ᠴᠠᠭ ᠢ ᠤᠭᠳᠤᠬᠤ ᠭᠡᠵᠦ ᠵᠢᠳᠬᠦᠨ ᠲᠡᠮᠡᠦᠯᠵᠦ ᠪᠠᠶᠢᠭ᠎ᠠ ᠴᠦ ᠶᠤᠮ ᠤᠤ︾ ᠭᠡᠵᠦ ᠰᠠᠨᠠᠬᠤ ᠬᠤᠷᠤᠮ ᠬᠠᠷᠢ ᠤᠯᠤᠰ ᠠᠴᠠ ᠭᠡᠳᠦᠨ ᠮᠢᠩᠭᠠᠨ ᠤ ᠭᠠᠵᠠᠷ ᠢ ᠲᠤᠪᠴᠢᠯᠠᠨ ᠡᠭᠡ ᠤᠷᠤᠨ ᠳᠠᠭᠠᠨ ᠪᠤᠴᠠᠨ ᠢᠷᠡᠭᠰᠡᠨ ᠨᠢᠭᠡᠨ ᠮᠤᠷᠢᠨ ᠤ ᠦᠯᠢᠭᠡᠷ ᠤᠢ ᠤᠬᠠᠭᠠᠨ ᠳᠤ ᠭᠢᠯᠠᠰᠭᠢᠨ ᠪᠠᠭᠤᠬᠤ ᠪᠠᠷ ︽ᠡᠭᠡ ᠤᠷᠤᠨ ᠲᠠᠢ ᠬᠦᠮᠦᠨ ᠡᠷᠭᠡ ᠵᠢᠷᠭᠠᠯ ᠲᠠᠢ᠂ ᠡᠵᠢ ᠲᠠᠢ ᠬᠦᠮᠦᠨ ᠦᠶᠦᠭ ᠲᠤᠯᠠᠭᠠᠨ︾ ᠭᠡᠵᠦ ᠪᠢ ᠦᠪᠡᠷ ᠤᠨ ᠡᠷᠭᠡ ᠦᠭᠡᠢ ᠲᠦᠳᠦᠨᠡᠵᠦ ᠭᠠᠷᠤᠯ᠎ᠠ᠃     ᠠᠭᠤᠯᠵᠠᠭᠰᠠᠨ ᠬᠦᠮᠦᠨ ᠲᠠᠢ ᠲᠤᠤᠭᠠᠷᠬᠤ ᠵᠠᠪ ᠦᠭᠡᠢ᠂ ᠤᠨᠠᠭᠰᠠᠨ ᠮᠠᠯᠠᠭᠠᠢ ᠪᠠᠨ ᠠᠪᠬᠤ ᠴᠢᠯᠦᠭᠡ ᠦᠭᠡᠢ ᠨᠠᠮᠤᠷ ᠤᠨ ᠤᠯᠠᠷᠢᠯ ᠭᠡᠵᠦ ᠶᠠᠷᠢᠳᠠᠭ ᠪᠤᠯᠪᠠᠴᠦ ᠠᠶᠢᠯ ᠬᠤᠳᠠ ᠶᠢᠨ ᠬᠢ ᠡᠭᠡ ᠣᠯᠣᠰ ᠤᠨ ᠮᠢᠨᠢ ᠮᠡᠡᠳᠦᠯᠡᠭᠰᠡᠨ ᠠᠷᠪᠠᠨ ᠰᠠᠷ᠎ᠠ ᠭᠡᠮᠡᠨ ᠬᠦᠨᠳᠦᠳᠭᠡᠨ ᠲᠡᠭᠡᠵᠢᠯᠡᠵᠦ ᠪᠠᠶᠠᠷᠯᠠᠨ ᠪᠡᠯᠭᠡᠯᠡᠨ᠎ᠡ᠃ ᠲᠦᠪ ᠦᠨᠡᠨ ᠢ ᠰᠢᠳᠦᠭᠰᠡᠨ ᠮᠢᠨᠦ ᠡᠭᠡ ᠤᠷᠤᠨ ᠭᠢᠭᠡᠳ ᠡᠶ᠎ᠡ ᠵᠤᠭᠢᠴᠠᠩᠭᠤᠢ ᠠᠷᠠᠳ ᠲᠦᠮᠡᠨ ᠤ ᠬᠦᠰᠡᠯ ᠪᠤᠳᠤᠯ ᠢ ᠲᠡᠭᠷᠢ ᠠᠳᠠᠯ᠎ᠠ ᠤᠶᠢᠯᠠᠭᠠᠴᠢᠬᠠᠭᠠᠳ ᠴᠠᠭᠠᠨ᠎ᠠ ᠠᠴᠠ ᠪᠠᠨ ᠬᠦᠭᠡᠷᠡᠵᠦ ᠲᠤᠶᠠᠭᠠᠷᠠᠬᠤ ᠴᠦ ᠶᠤᠮ ᠤᠤ⁈ᠬᠦᠨ ᠴᠡᠩᠭᠡᠷ ᠤᠭᠳᠠᠷᠭᠤᠢ ᠪᠠᠷ ᠮᠦᠩᠬᠦᠨ ᠴᠠᠭᠠᠨ ᠨᠢᠰᠭᠡᠯ ᠬᠦᠩᠭᠢᠨᠡᠵᠦ ᠭᠠᠷᠤᠨ᠎ᠠ᠃ ᠡᠪᠦᠭᠡ ᠮᠢᠨᠢ ᠤᠳᠠᠳᠠᠯ᠎ᠠ ᠬᠠᠷᠠᠵᠦ ᠵᠤᠭᠰᠤᠭᠰᠠᠨ ᠢᠶᠠᠨ ︽ᠨᠢᠳᠤᠨᠤᠨ ᠪᠢ ᠨᠢᠰᠭᠡᠯ ᠳᠤ ᠰᠠᠭᠤᠵᠦ ᠪᠡᠭᠡᠵᠢᠩ ᠤᠷᠤᠭᠠᠳ ᠤᠯᠤᠰ ᠤᠨ ᠪᠠᠶᠠᠷ ᠢ ᠤᠭᠳᠤᠭᠰᠠᠨ ᠶᠤᠮ᠃ ᠶᠠᠭᠠᠭᠢᠭᠰᠠᠨ ᠰᠠᠶᠢᠬᠠᠨ ᠪᠤᠢ︖ ᠲᠢᠶᠠᠨ ᠠᠨ ᠮᠧᠨ ᠤ ᠠᠭᠤᠳᠠᠮ ᠲᠠᠯᠠᠪᠠᠢ ᠳᠤ ᠬᠦᠮᠦᠨ ᠤ ᠲᠠᠯᠠᠢ ᠴᠡᠴᠡᠭ ᠤᠨ ᠶᠢᠷᠳᠢᠨᠴᠤ ᠭᠡᠪᠡᠯ ᠨᠢᠭᠡ ᠯᠡ ᠦᠭᠡ᠃ ᠲᠠᠭᠤᠯᠠᠵᠦ ᠪᠦᠵᠢᠭᠯᠡᠭᠡᠳ ᠶᠤᠰᠤᠳᠠᠢ ᠠᠵᠠ ᠵᠢᠷᠭᠠᠯ ᠪᠢᠯᠬᠠᠭᠰᠠᠨ ᠠᠮᠤᠭᠤᠯᠠᠩ ᠤᠷᠤᠨ ᠭᠡᠵᠦ ᠮᠡᠳᠡ᠃ ᠠᠰᠠᠷ ᠪᠠᠷᠢᠯᠭ᠎ᠠ ᠨᠢ ᠲᠡᠭᠷᠢ ᠰᠢᠬᠦᠷᠡᠵᠦ᠂ ᠶᠡᠭᠡ ᠪᠠᠭ᠎ᠠ ᠮᠠᠰᠢᠨ ᠲᠡᠷᠭᠡ ᠬᠤᠶᠢᠰᠢ ᠤᠷᠤᠭᠰᠢ ᠪᠠᠨ ᠰᠦᠯᠵᠢᠯᠳᠦᠭᠡᠳ ᠪᠢᠳᠡᠨ ᠤ ᠪᠠᠷᠠᠭᠤᠨ ᠮᠠᠩᠬᠠᠨ ᠤ ᠰᠢᠷᠭᠤᠯᠵᠢ ᠠᠴᠠ ᠴᠦ ᠤᠯᠠᠨ᠃ ᠤᠯᠤᠰ ᠭᠡᠷ ᠤᠨ ᠬᠦᠭᠵᠢᠯ ᠢ ᠵᠦᠢᠷᠯᠡᠬᠦ ᠶᠢᠨ ᠠᠷᠭ᠎ᠠ ᠦᠭᠡᠢ᠃ ᠬᠦᠮᠦᠨ ᠪᠦᠬᠦᠨ ᠤ ᠴᠢᠷᠠᠢ ᠳᠤ ᠢᠨᠢᠶᠡᠮᠰᠦᠭᠯᠡᠯ ᠲᠤᠳᠤᠷᠠᠭᠠᠳ ᠡᠶ᠎ᠡ ᠵᠤᠭᠢᠴᠠᠩᠭᠤᠢ ᠭᠡᠳᠡᠭ ᠨᠢ ᠭᠠᠶᠢᠬᠠᠯᠳᠠᠢ︕ ᠬᠠᠭᠤᠴᠢᠨ ᠨᠡᠶᠢᠭᠡᠮ ᠳᠤ ᠪᠤᠯᠤᠭᠰᠠᠨ ᠪᠤᠯ ᠡᠪᠦᠭᠡᠨ ᠪᠢ ᠶᠠᠷᠠ ᠬᠦᠷᠦᠨ᠎ᠡ ᠭᠡᠵᠦ ᠭᠤᠨᠵᠢ ᠶᠢᠨ ᠵᠤᠭᠤᠭ ᠡ᠃ ᠨᠠᠮ ᠪᠠ ᠡᠭᠡ ᠤᠷᠤᠨ ᠤ ᠬᠠᠶᠢᠷ᠎ᠠ ᠶᠢ ᠨᠠᠰᠤᠨ ᠳᠠᠭᠠᠨ ᠮᠠᠷᠳᠠᠬᠤ ᠦᠭᠡᠢ᠃ ᠤᠮᠪᠤᠯᠤ ᠲᠤᠮᠪᠤᠯᠤ ᠪᠠᠨ ᠪᠢᠴᠢᠭ ᠰᠠᠶᠢᠨ ᠦᠵᠡᠬᠦᠯᠵᠦ ᠲᠦᠷᠦ ᠵᠠᠰᠠᠭ ᠲᠤ ᠭᠡᠷᠡᠭᠴᠡᠭᠡ ᠲᠠᠢ ᠬᠦᠮᠦᠨ ᠪᠤᠯᠭᠠᠨ ᠬᠦᠮᠦᠵᠢᠬᠦᠯᠦᠨ᠎ᠠ ᠁︾ ᠭᠡᠵᠦ ᠤᠷᠮ᠎ᠠ ᠲᠠᠢ ᠶᠠᠷᠢᠳᠠᠯ᠎ᠠ ᠬᠠᠵᠠᠭᠤ ᠳᠤᠨᠢ ᠪᠠᠶᠢᠬᠰᠠᠨ ᠵᠡᠬᠦᠨ ᠬᠦᠷᠰᠢ ᠶᠢᠨ ᠰᠠᠴᠡᠨᠳᠦ ᠡᠪᠦᠭᠡ ︽ᠵᠠᠨ᠎ᠠ ᠪᠠᠶᠠᠨ ᠤ ᠵᠠᠷᠤᠴᠠ ᠪᠠᠶᠢᠬᠤ ᠳᠠᠭᠠᠨ ᠬᠦᠨᠦᠭ ᠲᠠᠢ ᠰᠦ ᠶᠢ ᠨᠢ ᠰᠠᠨᠠᠮᠰᠠᠷ ᠦᠭᠡᠢ ᠬᠦᠨᠳᠡᠵᠦ ᠤᠨᠠᠭᠠᠭᠠᠳ ᠡᠭᠡᠨᠡᠷ ᠲᠤᠨᠢ ᠠᠷᠠᠰᠤ ᠪᠠᠨ ᠱᠠᠭᠠᠯᠤᠭᠤᠯᠤᠭᠰᠠᠨ ᠢᠶᠠᠨ ᠴᠡᠭᠡᠵᠢᠯᠡᠵᠦ ᠪᠠᠶᠢᠨ᠎ᠠ ᠤᠤ︖︾ ᠭᠡᠵᠦ ᠭᠡᠦᠭᠡᠳ ᠦᠶ᠎ᠡ ᠶᠢᠨ ᠭᠢᠨᠢ ᠤᠴᠠᠷᠠᠯ ᠢ ᠲᠤᠷᠠᠳᠬᠤ ᠪᠠᠷ ᠡᠪᠦᠭᠡ ᠮᠢᠨᠢ ᠬᠠᠳᠠᠭᠠᠨᠠᠳᠠᠯ᠎ᠠ ᠢᠨᠢᠶᠡᠭᠡᠳ ︽ᠶᠠᠭᠤᠨ ᠳᠤ ᠮᠠᠷᠳᠠᠬᠤ ᠶᠤᠮ ᠪᠤᠢ︖ ᠡᠷᠭᠢᠴᠡᠬᠦᠯᠬᠦ ᠪᠠᠷ ᠶᠠᠰᠤ ᠱᠠᠷᠭᠢᠷᠠᠭᠠᠳ︾ ᠭᠡᠰᠡᠨ ᠢᠶᠠᠨ ︽ᠬᠠᠷᠠᠩᠭᠤᠢ ᠴᠠᠭ ᠭᠡᠵᠦ ᠲᠠᠮᠤ ᠶᠢᠨ ᠤᠷᠤᠨ ᠦᠭᠡᠷ᠎ᠡ ᠤᠤ ᠳ᠋ᠠ︖ ᠡᠷᠭᠡ ᠴᠢᠯᠦᠭᠡᠳᠦ ᠤᠳᠤ ᠦᠶ᠎ᠠ ᠲᠠᠢ ᠬᠠᠷᠢᠴᠠᠭᠤᠯᠪᠠᠯ ᠲᠡᠭᠷᠢ ᠭᠠᠵᠠᠷ ᠤᠨ ᠵᠦᠷᠢᠶ᠎ᠡ ᠲᠠᠢ ᠁︾ ᠭᠡᠮᠡᠨ ᠪᠠᠭ᠎ᠠ ᠶᠢᠨ ᠦᠶ᠎ᠡ ᠳᠤ ᠴᠣᠬᠢᠬᠲᠠᠬᠰᠠᠨ ᠪᠠᠷᠠᠭᠤᠨ ᠮᠦᠷᠦᠨ ᠤ ᠰᠢᠷᠬ᠎ᠠ ᠪᠠᠨ ᠲᠡᠮᠳᠡᠷᠭᠢᠯᠡᠳᠡᠯ᠎ᠡ ᠰᠡᠴᠡᠨᠳᠦ ᠡᠪᠦᠭᠡ ᠰᠡᠳᠭᠢᠯ ᠢ ᠨᠢ ᠵᠤᠪᠠᠭᠠᠬᠤ ᠠᠴᠠ ᠭᠢᠴᠢᠶᠡᠵᠦ ︽ᠱᠠᠩᠬᠠᠢ ᠶᠢᠨ ᠦᠨᠳᠦᠷ ᠠᠰᠠᠷ ᠢ ᠦᠯᠶᠢᠵᠦ ᠬᠠᠷᠠᠭᠠᠳ ᠮᠠᠯᠠᠭᠠᠢ ᠪᠠᠨ ᠤᠰᠤᠨ ᠳᠤ ᠤᠨᠠᠭᠠᠭᠰᠠᠨ ᠢᠶᠠᠨ ᠪᠤᠳᠤᠪᠠᠯ ᠢᠨᠢᠶᠡᠳᠦ ᠴᠢᠨᠢ ᠬᠦᠷᠬᠦ ᠦᠭᠡᠢ ᠤᠤ︖︾ ᠭᠡᠮᠡᠨ ᠦᠭᠡ ᠶᠢᠨ ᠵᠢᠯᠤᠭᠤ ᠪᠠᠨ ᠡᠷᠭᠢᠬᠦᠯᠪᠡ᠃     ︽ᠰᠠᠴᠡᠨᠳᠤ ᠲᠡᠬᠦᠤᠳᠡᠢ ᠮᠢᠨᠢ᠂ ᠠᠮᠢᠳᠤ ᠶᠠᠪᠤᠪᠠᠯ ᠠᠯᠳᠠᠨ ᠠᠶᠠᠭᠠᠨ ᠠᠴᠠ ᠷᠠᠰᠢᠶᠠᠨ ᠤᠤᠭᠤᠨ᠎ᠠ ᠭᠡᠵᠦ ᠲᠠᠷᠡ ᠡ᠃ ᠡᠭᠡ ᠤᠷᠤᠨ ᠤ ᠪᠠᠨ ᠬᠦᠭᠵᠢᠯ ᠬᠤᠪᠢᠷᠠᠯ ᠢ ᠨᠢᠳᠦ ᠪᠠᠷ ᠢᠶᠠᠨ ᠦᠵᠡᠵᠦ ᠰᠡᠳᠭᠢᠯ ᠲᠡᠨᠢᠬᠦᠨ ᠶᠠᠪᠤᠨ᠎ᠠ ᠭᠡᠭᠴᠢ ᠪᠢᠳᠡ ᠬᠤᠶᠠᠷ ᠲᠤ ᠦᠭᠡᠷ᠎ᠡ ᠶᠠᠮᠠᠷ ᠵᠢᠷᠭᠠᠯ ᠪᠠᠶᠢᠬᠤ ᠪᠤᠢ︖ ᠡᠪ ᠬᠠᠮᠳᠤ ᠨᠠᠮ ᠪᠠᠶᠢᠭᠰᠠᠨ ᠳᠠᠭᠠᠨ ᠲᠦᠷᠦ ᠮᠢᠨᠢ ᠪᠠᠶᠢᠨ᠎ᠠ᠃ ᠲᠠᠪᠢᠨ ᠵᠢᠷᠭᠤᠭᠠᠨ ᠦᠨᠳᠦᠰᠦᠳᠡᠨ ᠲᠦᠪᠰᠢᠨ ᠠᠮᠤᠭᠤᠯᠠᠩ ᠪᠠᠶᠢᠨ᠎ᠠ ᠁︾ ᠭᠡᠵᠦ ᠬᠤᠶᠠᠷ ᠡᠪᠦᠭᠡ ᠶᠢᠨ ᠶᠠᠷᠢᠶ᠎ᠠ ᠦᠷᠬᠦᠯᠵᠢᠯᠡᠨ᠎ᠡ᠃     ︽ᠮᠠᠨ ᠤ ᠵᠠᠯᠠᠭᠤ ᠦᠶ᠎ᠡ ᠲᠠᠢ ᠠᠳᠠᠯᠢᠳᠬᠠᠪᠠᠯ ᠤᠳᠤ ᠶᠢᠨ ᠭᠡᠦᠭᠡᠳ ᠶᠠᠭᠠᠬᠢᠬᠰᠠᠨ ᠪᠤᠶᠠᠨ ᠲᠠᠢ ᠪᠤᠢ︖ ᠲᠠᠷᠢᠶ᠎ᠠ ᠤᠷᠤᠭᠤᠯᠬᠤ ᠠᠴᠠ ᠮᠡᠰᠢᠨ᠂ ᠭᠠᠳᠠᠭᠰᠢ ᠭᠠᠷᠬᠤ ᠳᠤ ᠮᠠᠰᠢᠨ᠃ ᠬᠤᠭᠤᠯᠠ ᠪᠤᠳᠠᠭ᠎ᠠ ᠪᠡᠯᠡᠳᠭᠡᠬᠦ ᠳᠤ ᠴᠠᠭᠢᠯᠭᠠᠨ ᠲᠤᠭᠤᠭ᠎ᠠ᠂ ᠬᠠᠷᠢᠯᠴᠠᠨ ᠵᠤᠭᠤᠭᠳᠠᠬᠤ ᠠᠴᠠ ᠭᠠᠷ ᠤᠳᠠᠰᠤ ᠁︾ ᠭᠡᠵᠦ ᠡᠮᠡᠭᠡ ᠵᠡᠬᠦᠨ ᠠᠶᠢᠯ ᠤᠨ ᠵᠢᠩᠶᠡᠷᠮ᠎ᠡ ᠡᠮᠡᠭᠡ ᠲᠠᠢ ᠠᠭᠤᠯᠵᠠᠬᠤ ᠪᠤᠯᠭᠠᠨ ᠰᠡᠳᠭᠢᠯ ᠢᠶᠠᠨ ᠠᠭᠤᠵᠢᠷᠠᠳᠠᠯ᠎ᠠ ᠶᠠᠷᠢᠯᠴᠠᠨ᠎ᠠ᠃     ᠦᠭᠡᠳᠡ ᠡᠰᠡᠷᠡᠭ ᠠᠷᠪᠠᠨ ᠰᠠᠷ᠎ᠠ ᠭᠡᠵᠦ ᠦᠨᠡᠭᠡᠷ ᠬᠦᠷ ᠬᠦᠭᠵᠢᠶᠡᠨ ᠲᠠᠢ᠂ ᠬᠦᠭᠵᠢᠯ ᠪᠠᠶᠠᠰᠤᠯ ᠲᠠᠢ ᠴᠠᠭ ᠮᠦᠴᠡ ᠪᠠᠶᠢᠵᠦ ᠳ᠋ᠠ᠃ ᠦᠳᠡᠰᠢ ᠶᠢᠨ ᠬᠦᠰᠢᠭᠡ ᠪᠠᠭᠤᠬᠤ ᠪᠠᠷ ᠠᠶᠢᠯ ᠪᠤᠯᠭᠠᠨ ᠤ ᠪᠡᠶ᠎ᠡ ᠪᠤᠯᠪᠠᠰᠤᠷᠠᠬᠤ ᠶᠡᠭᠡ ᠲᠠᠯᠠᠪᠠᠢ ᠳᠤ ᠨᠠᠷᠠᠨ ᠡᠨᠧᠷᠭᠢ ᠶᠢᠨ ᠴᠠᠭᠢᠯᠭᠠᠨ ᠳ᠋ᠧᠩ ᠲᠤᠸᠠᠯᠠᠭᠠᠳ ᠬᠦᠭᠰᠢᠨ ᠨᠠᠰᠤᠳᠠᠳ ᠠᠴᠠ ᠬᠦᠭᠡᠷᠦᠬᠦᠨ ᠪᠠᠭᠠᠴᠣᠳ ᠬᠦᠷᠳᠡᠯ᠎ᠡ ᠬᠤᠷᠠᠵᠦ ᠴᠤᠭᠯᠠᠷᠠᠭᠠᠳ ᠲᠠᠭᠤᠯᠠᠬᠤ ᠨᠢ ᠲᠠᠭᠤᠯᠠᠵᠦ᠂ ᠪᠦᠵᠢᠭᠯᠡᠬᠦ ᠨᠢ ᠪᠦᠵᠢᠭᠯᠡᠭᠡᠳ᠂ ᠪᠡᠶ᠎ᠡ ᠪᠤᠯᠪᠠᠰᠤᠷᠠᠬᠤ ᠨᠢ ᠪᠤᠯᠪᠠᠰᠤᠷᠠᠭᠠᠳ ᠬᠤᠳᠠ ᠶᠢᠨ ᠦᠵᠡᠮᠵᠢᠳᠦ ᠴᠡᠴᠡᠷᠯᠢᠭ ᠠᠴᠠ ᠲᠤᠤᠷᠠᠳᠠᠬᠤ ᠦᠭᠡᠢ ᠬᠦᠭᠵᠢᠶᠡᠨ ᠨᠠᠷᠭᠢᠶᠠᠨ᠂ ᠬᠦᠷ ᠪᠠᠶᠠᠷ ᠲᠠᠢ ᠭᠡᠳᠡᠭ ᠨᠢ᠃     ᠰᠢᠨ᠎ᠡ ᠬᠦᠳᠡᠭᠡ ᠶᠢ ᠬᠤᠭᠤᠷᠤᠨᠳᠤ ᠨᠢ ᠬᠤᠯᠪᠤᠭᠰᠠᠨ ᠱᠦᠢᠨᠢ ᠶᠢᠨ ᠵᠠᠮ ᠤᠨ ᠬᠤᠶᠠᠷ ᠲᠠᠯ᠎ᠠ ᠶᠢᠨ ᠳ᠋ᠧᠩ ᠦᠳᠡᠰᠢ ᠶᠢᠨ ᠬᠦᠨ ᠢᠶᠠᠷ ᠭᠡᠷᠡᠯᠳᠦᠨ ᠰᠠᠴᠤᠷᠠᠭᠠᠳ ᠡᠳᠦᠷ ᠮᠡᠳᠦ ᠲᠤᠩᠭᠠᠯᠠᠭ ᠠᠵᠢ᠃ ᠲᠡᠷᠭᠡ ᠬᠦᠰᠭᠡ ᠵᠦᠷᠢᠯᠳᠦᠵᠦ ᠬᠦᠮᠦᠨ ᠤ ᠬᠦᠯ ᠤᠨ ᠴᠢᠮᠡᠭᠡ ᠬᠠᠷᠠᠩᠭᠤᠢ ᠶᠢ ᠦᠷᠬᠦᠭᠡᠵᠦ ᠰᠠᠶᠢᠬᠠᠨ ᠵᠡᠬᠦᠳᠦ ᠶᠢ ᠮᠢᠨᠢ ᠲᠡᠷᠭᠡᠯᠰᠢᠬᠦᠯᠦᠨ᠎ᠡ᠃     ᠠᠮᠢᠳᠤᠷᠠᠯ ᠤᠨ ᠲᠦᠪᠰᠢᠨ ᠲᠡᠭᠡᠭᠰᠢᠯᠡᠬᠦ ᠶᠢ ᠲᠠᠭᠠᠯᠳᠤᠨ ᠬᠦᠮᠦᠨ ᠵᠤᠨ ᠤ ᠦᠵᠡᠯ ᠤᠬᠠᠮᠰᠠᠷ ᠴᠦ ᠲᠠᠪᠰᠢᠨ᠎ᠠ᠃ ᠭᠡᠨ ᠠᠯᠢᠨ ᠢᠶᠠᠨ ᠬᠠᠪᠰᠤᠷᠴᠦ ᠲᠡᠮᠵᠢᠬᠦ᠂ ᠲᠡᠳᠬᠦᠵᠦ ᠲᠤᠰᠠᠯᠠᠬᠤ ᠪᠠᠷ ᠠᠮᠢ ᠨᠠᠰᠤᠨ ᠤ ᠦᠨ᠎ᠡ ᠦᠷᠳᠡᠭ ᠢᠶᠠᠨ ᠪᠠᠳᠠᠷᠠᠭᠤᠯᠵᠦ ᠴᠢᠳᠠᠨ᠎ᠠ ᠭᠡᠳᠡᠭ ᠢ ᠬᠦᠮᠦᠰ ᠲᠤᠳᠤ ᠲᠠᠨᠢᠵᠦ᠂ ᠦᠪᠡᠷ ᠦᠪᠡᠷ ᠤᠨ ᠬᠦᠴᠦᠨ ᠴᠢᠳᠠᠯ᠂ ᠠᠪᠢᠶᠠᠰ ᠪᠢᠯᠢᠭ ᠢᠶᠠᠨ ᠰᠤᠷᠢᠨ᠎ᠠ᠃ ᠭᠡᠬᠦ ᠳᠡᠭᠡᠨ ᠰᠢᠨ᠎ᠠ ᠬᠦᠳᠡᠭᠡ ᠠᠴᠠ ᠡᠭᠢᠯᠡᠭᠡᠳ ᠬᠦᠭᠵᠢᠭᠰᠡᠨ ᠬᠤᠳᠠ ᠬᠦᠷᠳᠡᠯ᠎ᠡ ᠡᠶ᠎ᠡ ᠡᠪ ᠲᠠᠢ᠂ ᠡᠯᠢᠭᠡᠰᠡᠭ ᠲᠤᠳᠤᠨᠤᠰᠤᠭ ᠠᠵᠤ ᠲᠦᠷᠦᠵᠦ ︽ᠪᠢᠳᠡ ᠪᠦᠬᠦᠳᠡᠬᠡᠷ ᠢᠶᠠᠨ ᠨᠢᠭᠡ ᠭᠡᠷ ᠪᠦᠯᠢ︾ ᠭᠡᠳᠡᠭ ᠰᠡᠳᠭᠢᠯ ᠤᠨ ᠦᠭᠡ ᠨᠢ ᠲᠡᠯᠡᠭᠡᠢ ᠶᠢᠨ ᠠᠩᠬᠠᠷᠤᠯ ᠢ ᠲᠠᠳᠠᠨ᠎ᠠ᠃ ᠠᠷᠪᠠᠨ ᠰᠠᠷ᠎ᠠ ᠤᠷᠤᠭᠰᠠᠨ ᠠᠴᠠ ᠨᠠᠭᠠᠰᠢ ᠠᠪᠤ ᠮᠢᠨᠢ ᠭᠡᠨ ᠠᠴᠠ ᠴᠦ ᠡᠷᠳᠡ ᠪᠤᠰᠴᠦ᠂ ᠭᠠᠴᠠᠭ᠎ᠠ ᠶᠢᠨ ᠠᠯᠪᠠᠨ ᠭᠡᠷ ᠲᠡᠶᠢᠰᠢ ᠬᠠᠷᠠᠵᠦ ᠬᠤᠩᠭᠤᠷ ᠨᠠᠮᠤᠷ ᠤᠨ ᠵᠢᠪᠠᠷ ᠲᠤ ᠨᠠᠮᠢᠷᠠᠨ ᠮᠠᠨᠳᠤᠬᠤ ᠤᠯᠤᠰ ᠤᠨ ᠲᠤᠭ ᠲᠤ ᠮᠡᠭᠦᠶᠢᠨ ᠶᠤᠰᠤᠯᠠᠬᠤ ᠶᠢᠨ ᠲᠠᠭᠠᠤ ᠤᠷᠤᠭᠤᠯ ᠨᠢ ᠤᠪᠤᠷ ᠲᠤᠪᠤᠷ ᠬᠦᠳᠡᠯᠦᠨ᠎ᠡ᠃ ᠡᠭᠡ ᠤᠷᠤᠨ ᠳᠠᠭᠠᠨ ᠦᠨᠡᠨᠴᠢ ᠰᠡᠳᠭᠢᠯ ᠢᠶᠠᠨ ᠢᠯᠡᠳᠭᠡᠵᠦ ᠪᠠᠶᠢᠭ᠎ᠠ ᠨᠢ ᠢᠯᠡᠷᠭᠡᠢ᠃ ᠡᠨᠡ ᠦᠷᠯᠦᠭᠡ ᠮᠦᠨ ᠴᠦ ᠵᠤᠷᠰᠢᠯ ᠶᠤᠰᠤᠭᠠᠷ ᠢᠶᠠᠨ ᠪᠤᠰᠤᠭᠠᠳ ᠤᠷᠭᠤᠨ ᠰᠠᠴᠤᠷᠠᠬᠤ ᠤᠯᠤᠰ ᠤᠨ ᠲᠤᠭ ᠵᠦᠭ ᠬᠠᠷᠠᠵᠦ ᠮᠡᠭᠦᠶᠢᠨ ᠶᠤᠰᠤᠯᠠᠬᠤ ᠳᠤ ᠡᠵᠢ ᠮᠢᠨᠢ ᠠᠷᠤ ᠠᠴᠠ ᠨᠢ ᠬᠠᠷᠠᠵᠦ ᠪᠠᠶᠢᠭᠰᠠᠨ ᠢᠶᠠᠨ ︽ᠠᠷᠪᠠᠨ ᠰᠠᠷ᠎ᠠ ᠰᠠᠭᠠᠳᠠᠬᠤ ᠪᠤᠯᠭᠠᠨ ᠠᠪᠤ ᠶᠢᠨ ᠴᠢᠨᠢ ᠰᠦᠵᠢᠭ ᠨᠡᠮᠡᠭᠳᠡᠳᠡᠭ ᠶᠤᠮ᠃ ᠪᠤᠷᠬᠠᠨ ᠰᠢᠳᠦᠬᠦ ᠦᠭᠡᠢ ᠴᠦ ᠨᠠᠮ᠂ ᠡᠭᠡ ᠣᠯᠣᠰ ᠢᠶᠠᠨ ᠰᠢᠳᠦᠨ᠎ᠡ ᠭᠡᠳᠡᠭ ᠠᠪᠤ ᠶᠢᠨ ᠴᠢᠨᠢ ᠠᠷᠠᠨᠰᠢᠨ︾ ᠭᠡᠵᠦ ᠬᠤᠭᠤᠯᠠ ᠴᠠᠢ ᠪᠠᠨ ᠲᠦᠬᠦᠷᠭᠡᠴᠢᠬᠡᠭᠡᠳ ︽ᠭᠡ᠂ ᠭᠡ ᠁︾ ᠢᠨᠢᠶᠡᠨ᠎ᠡ᠃ ᠡᠨᠡ ᠦᠶ᠎ᠡ ᠳᠤ ᠡᠮᠡᠭᠡ ᠮᠢᠨᠢ ᠡᠵᠢ ᠶᠢᠨ ᠦᠭᠡ ᠡᠯᠬᠦᠨ ︽ᠨᠠᠮ ᠲᠦᠷᠦ ᠬᠤᠶᠠᠷ ᠪᠠᠶᠢᠬᠤ ᠳᠠᠭᠠᠨ ᠰᠠᠶ᠋ᠢ ᠪᠢᠳᠡ ᠡᠷᠭᠡ ᠴᠢᠯᠦᠭᠡ ᠲᠠᠢ ᠠᠮᠢᠳᠤᠷᠠᠵᠦ ᠤᠷᠤᠰᠢᠳᠠᠭ ᠪᠢᠰᠢᠦ︾ ᠭᠡᠵᠦ ᠦᠪᠡᠷ ᠤᠨ ᠬᠢ ᠪᠠᠨ ᠶᠠᠷᠢᠨ᠎ᠠ᠃ ᠲᠡᠶᠢᠮᠦ ᠡ᠂ ᠲᠠᠪᠤᠨ ᠤᠳᠤᠳᠤ ᠤᠯᠤᠰ ᠤᠨ ᠲᠤᠭ ᠢᠶᠠᠨ ᠬᠠᠷᠠᠬᠤ ᠪᠤᠯᠭᠠᠨ ᠮᠢᠨᠦ ᠵᠢᠷᠦᠭᠡ ᠲᠤᠭᠳᠤᠯᠵᠦ᠂ ᠬᠠᠮᠤᠭ ᠪᠡᠶ᠎ᠡ ᠬᠦᠩᠭᠡᠷᠡᠭᠡᠳ ᠭᠡᠶᠢᠮᠤᠷᠢ ᠮᠠᠨᠳᠤᠭᠰᠠᠨ ᠰᠢᠭ ᠪᠤᠳᠤᠭᠳᠠᠨ᠎ᠠ᠃     ︽ᠲᠦᠷᠦ ᠶᠢᠨ ᠮᠢᠨᠢ ᠲᠤᠭ᠂ ᠲᠦᠮᠡᠨ ᠤ ᠮᠢᠨᠢ ᠲᠦᠰᠢᠭ᠃ ᠨᠠᠮᠢᠷᠠᠬᠤ ᠪᠠᠷ ᠨᠠᠷᠠ ᠲᠤᠶᠠᠭᠠᠷᠠᠵᠦ᠂ ᠨᠠᠶᠢᠷᠠᠮᠳᠠᠭᠤ ᠤᠷᠤᠰᠢᠬᠤᠢ ᠶᠢᠨ ᠵᠦᠩ ᠰᠤᠪᠢᠩ ᠪᠠᠭᠤᠨ᠎ᠠ ︾ ᠭᠡᠵᠦ ᠪᠢ ᠪᠠᠶᠠᠨ ᠲᠠᠩᠰᠤᠭ ᠨᠠᠮᠤᠷ ᠤᠨ ᠠᠷᠪᠠᠨ ᠰᠠᠷ᠎ᠠ ᠶᠢᠨ ᠲᠡᠭᠷᠢ ᠶᠢ ᠪᠠᠷᠠᠯᠠᠬᠤ ᠳᠤ ᠰᠡᠳᠭᠢᠯ ᠲᠤᠳᠤᠷ᠎ᠠ ᠠᠮᠤᠭᠤᠯᠠᠩ ᠲᠦᠷᠦ ᠶᠢᠨ ᠲᠠᠪᠤᠨ ᠤᠳᠤᠳᠤ ᠤᠯᠠᠭᠠᠨ ᠲᠤᠭ ᠪᠤᠯᠵᠦ ᠭᠡᠷᠡᠯᠳᠦᠨ ᠰᠠᠴᠤᠷᠠᠨ᠎ᠠ ᠁     ᠠᠷᠪᠠᠨ ᠰᠠᠷ᠎ᠠ — ᠲᠡᠦᠭᠡ ᠶᠢᠨ ᠭᠡᠷᠡᠯ ᠭᠢᠯᠪᠠᠭ᠎ᠠ᠂ ᠲᠤᠶᠠᠭ᠎ᠠ ᠲᠠᠳᠠᠭᠰᠠᠨ ᠪᠠᠶᠠᠷ ᠤᠨ ᠴᠢᠷᠠᠢ᠂ ᠲᠦᠪᠯᠡᠷᠡᠵᠦ ᠨᠢᠭᠳᠠᠷᠠᠬᠤ ᠶᠢᠨ ᠲᠤᠩᠭᠠᠯᠠᠭ ᠤᠬᠠᠭᠠᠨ᠂ ᠲᠡᠮᠡᠦᠯᠵᠦ ᠬᠦᠷᠬᠦ ᠢᠷᠡᠭᠡᠳᠦᠢ ᠶᠢᠨ ᠠᠯᠳᠠᠨ ᠵᠢᠬᠦᠷ ᠡ︕ 
ᠢᠷᠡᠯᠲᠡ᠄ ᠣᠷᠳᠣᠰ ᠮᠣᠩᠭᠤᠯ ᠰᠥᠯᠵᠢᠶ᠎ᠡ