ᠬᠤᠪᠢᠯᠭᠠᠨ ᠣᠩᠭᠤᠴᠠ ᠠᠷᠪᠠᠨ ᠳᠣᠯᠣᠳᠤᠭᠠᠷ ᠤᠨ ᠰᠠᠨᠰᠠᠷᠴᠢᠨ ᠰᠠᠨᠰᠠᠷ ᠤᠨ ᠦᠷᠳᠡᠭᠡ ᠳᠤ ᠤᠷᠤᠭᠰᠢᠲᠠᠢ ᠣᠷᠣᠵᠤ ᠰᠠᠭᠤᠯ᠎ᠠ
ᠨᠡᠶᠢᠲᠡᠯᠡᠭᠰᠡᠨ ᠴᠠᠭ᠄
2023/10/31
     ᠳᠤᠮᠳᠠᠳᠤ ᠤᠯᠤᠰ ᠤᠨ ᠬᠥᠮᠦᠨ ᠰᠠᠭᠤᠯᠭᠠᠭᠰᠠᠨ ᠰᠠᠨᠰᠠᠷ ᠤᠨ ᠠᠶᠠᠯᠠᠯ ᠤᠨ ᠢᠨᠵᠧᠨᠧᠷᠢᠩ ᠤᠨ ᠠᠯᠪᠠᠨ ᠭᠡᠷ ᠤᠨ ᠮᠡᠳᠡᠭᠡ ᠶᠢ ᠦᠨᠳᠦᠰᠦᠯᠡᠪᠡᠯ᠂ ᠬᠥᠮᠦᠨ ᠰᠠᠭᠤᠯᠭᠠᠭᠰᠠᠨ ᠨᠢᠰᠭᠦ ᠣᠩᠭᠤᠴᠠ ᠪᠣᠯᠤᠨ ᠰᠠᠨᠰᠠᠷ ᠤᠨ ᠦᠷᠳᠡᠭᠡ ᠶᠢᠨ ᠨᠡᠶᠢᠯᠡᠮᠡᠯ ᠴᠣᠭᠴᠠ ᠪᠡᠶ᠎ᠡ ᠪᠠᠨ ᠲᠠᠭᠠᠭᠠᠵᠤ ᠲᠦᠷᠭᠡᠨ ᠵᠣᠯᠭᠠᠯᠴᠠᠬᠤ ᠶᠢ ᠠᠮᠵᠢᠯᠲᠠ ᠲᠠᠢ ᠪᠡᠶᠡᠯᠡᠭᠦᠯᠦᠭᠰᠡᠨ ᠤ ᠳᠠᠷᠠᠭ᠎ᠠ᠂ ᠬᠤᠪᠢᠯᠭᠠᠨ ᠣᠩᠭᠤᠴᠠ ᠠᠷᠪᠠᠨ ᠳᠣᠯᠣᠳᠤᠭᠠᠷ ᠤᠨ ᠰᠠᠨᠰᠠᠷᠴᠢᠨ ᠤ ᠳᠤᠭᠤᠶᠢᠯᠠᠩ ᠨᠢᠰᠭᠦ ᠣᠩᠭᠤᠴᠠ ᠶᠢᠨ ᠪᠤᠴᠠᠯᠲᠡ ᠶᠢᠨ ᠦᠷᠦᠭᠡ ᠠᠴᠠ ᠲᠣᠭᠤᠷᠢᠯᠲᠠ ᠶᠢᠨ ᠵᠠᠮ ᠤᠨ ᠦᠷᠦᠭᠡ ᠳᠤ ᠣᠷᠣᠪᠠ᠃ ᠪᠡᠭᠡᠵᠢᠩ ᠤᠨ ᠴᠠᠭ ᠢᠶᠠᠷ 2023 ᠣᠨ ᠤ 10 ᠰᠠᠷ᠎ᠠ ᠶᠢᠨ 26 ᠤ ᠡᠳᠦᠷ ᠤᠨ 19 ᠴᠠᠭ 34 ᠮᠢᠨᠦ᠋ᠲ ᠲᠤ᠂ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠤᠨ ᠰᠠᠨᠰᠠᠷᠴᠢᠨ ᠤ ᠳᠤᠭᠤᠶᠢᠯᠠᠩ ︽ᠬᠡᠷ ᠤᠨ ᠡᠭᠦᠳᠡ︾ ᠪᠠᠨ ᠤᠷᠤᠭᠰᠢᠲᠠᠢ ᠨᠡᠭᠡᠭᠡᠵᠦ᠂ ᠠᠯᠤᠰ ᠬᠤᠯᠠ ᠠᠴᠠ ᠰᠠᠭᠠᠲᠠᠭᠰᠠᠨ ᠬᠤᠪᠢᠯᠭᠠᠨ ᠣᠩᠭᠤᠴᠠ ᠠᠷᠪᠠᠨ ᠳᠣᠯᠣᠳᠤᠭᠠᠷ ᠤᠨ ᠰᠠᠨᠰᠠᠷᠴᠢᠨ ᠤ ᠳᠤᠭᠤᠶᠢᠯᠠᠩ ᠤᠨ ︽ᠲᠩᠷᠢ ᠶᠢᠨ ᠣᠷᠳᠣᠨ︾  ᠳᠤ ᠣᠷᠣᠵᠤ ᠰᠠᠭᠤᠭᠰᠠᠨ ᠢ ᠪᠠᠶᠠᠷᠯᠠᠨ ᠤᠭᠲᠤᠪᠠ᠃ ᠳᠠᠷᠠᠭ᠎ᠠ ᠨᠢ᠂ ᠬᠤᠶᠠᠷ ᠰᠠᠨᠰᠠᠷᠴᠢᠨ ᠤ ᠳᠤᠭᠤᠶᠢᠯᠠᠩ ︽ᠬᠠᠮᠲᠤ ᠶᠢᠨ ᠰᠡᠭᠦᠳᠡᠷ︾ ᠲᠠᠲᠠᠭᠤᠯᠵᠤ᠂ ᠬᠠᠮᠲᠤ ᠪᠠᠷ ᠪᠦᠬᠦ ᠤᠯᠤᠰ ᠤᠨ ᠠᠷᠠᠳ ᠲᠦᠮᠡᠨ ᠳᠤ ᠠᠮᠤᠷ ᠠᠮᠤᠭᠤᠯᠠᠩ ᠪᠠᠶᠢᠭ᠎ᠠ ᠪᠠᠨ ᠮᠡᠳᠡᠭᠦᠯᠪᠡ᠃
1.png
     ᠵᠢᠷᠤᠭ ᠪᠤᠯ 10 ᠰᠠᠷ᠎ᠠ ᠶᠢᠨ 26 ᠤ ᠡᠳᠦᠷ ᠪᠡᠭᠡᠵᠢᠩ ᠤᠨ ᠰᠠᠨᠰᠠᠷ ᠤᠨ ᠠᠶᠠᠯᠠᠯ ᠤᠨ ᠨᠢᠰᠦᠯᠲᠡ ᠶᠢ ᠡᠵᠡᠮᠳᠡᠬᠦ ᠲᠥᠪ ᠲᠤ ᠰᠡᠭᠦᠳᠡᠷᠯᠡᠭᠰᠡᠨ ᠬᠤᠪᠢᠯᠭᠠᠨ ᠣᠩᠭᠤᠴᠠ ᠠᠷᠪᠠᠨ ᠳᠣᠯᠣᠳᠤᠭᠠᠷ ᠬᠥᠮᠦᠨ ᠰᠠᠭᠤᠯᠭᠠᠭᠰᠠᠨ ᠨᠢᠰᠭᠦ ᠣᠩᠭᠤᠴᠠ ᠰᠠᠨᠰᠠᠷ ᠤᠨ ᠥᠷᠲᠡᠭᠡᠨ ᠤ ᠲᠢᠶᠠᠨ ᠾᠧ ᠭᠤᠣᠯ ᠦᠷᠦᠭᠡ ᠶᠢᠨ ᠡᠮᠦᠨ᠎ᠡ ᠦᠵᠦᠭᠦᠷ ᠲᠠᠢ ᠵᠠᠯᠭᠠᠯᠳᠤᠵᠤ ᠪᠠᠶᠢᠭ᠎ᠠ ᠶᠠᠪᠤᠴᠠ ᠪᠤᠯᠤᠨ᠎ᠠ᠃                   ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠶᠢᠨ ᠯᠢ ᠸᠠᠩ ᠰᠡᠭᠦᠳᠡᠷᠯᠡᠪᠡ     2021 ᠣᠨ ᠳᠤ᠂ ᠰᠠᠨᠰᠠᠷᠴᠢᠨ ᠲᠠᠩ ᠬᠤᠩ ᠪᠥᠸᠧ ᠳᠤᠮᠳᠠᠳᠤ ᠤᠯᠤᠰ ᠤᠨ ᠰᠠᠨᠰᠠᠷ ᠤᠨ ᠥᠷᠲᠡᠭᠡ ᠳᠤ ᠣᠷᠣᠵᠤ ᠰᠠᠭᠤᠭᠰᠠᠨ ᠠᠩᠬᠠᠨ ᠤ ᠪᠦᠯᠦᠭ ᠰᠠᠨᠰᠠᠷᠴᠢᠨ ᠤ ᠨᠢᠭᠡ ᠪᠣᠯᠤᠭᠰᠠᠨ ᠤ ᠬᠤᠪᠢ ᠳᠤ᠂ ︽ᠳᠤᠮᠳᠠᠳᠤ ᠤᠯᠤᠰ ᠤᠨ ᠬᠥᠮᠦᠨ ᠠᠩᠬ᠎ᠠ ᠤᠳᠠᠭ᠎ᠠ ᠥᠪᠡᠷ ᠤᠨ ᠰᠠᠨᠰᠠᠷ ᠤᠨ ᠥᠷᠲᠡᠭᠡ ᠳᠡᠭᠡᠨ ᠣᠷᠣᠭᠰᠠᠨ︾ ᠲᠡᠦᠬᠡᠨ ᠴᠠᠭ ᠮᠥᠴᠡ ᠶᠢ ᠪᠡᠶ᠎ᠡ ᠪᠠᠷ ᠢᠶᠠᠨ ᠥᠩᠭᠡᠷᠡᠭᠦᠯᠪᠡ︔ 2 ᠵᠢᠯ ᠤᠨ ᠲᠠᠷᠠᠭ᠎ᠠ ︽ᠲᠩᠷᠢ ᠶᠢᠨ ᠣᠷᠳᠣᠨ︾ ᠳᠤ ᠲᠠᠬᠢᠨ ᠪᠤᠴᠠᠵᠤ᠂ ᠳᠤᠮᠳᠠᠳᠤ ᠤᠯᠤᠰ ᠤᠨ ᠰᠠᠨᠰᠠᠷ ᠤᠨ ᠦᠷᠳᠡᠭᠡ ᠶᠢᠨ ︽ᠨᠢᠭᠡ ᠦᠷᠦᠭᠡᠳᠤ ᠭᠡᠷ︾ ᠠᠴᠠ ︽ᠭᠤᠷᠪᠠᠨ ᠦᠷᠦᠭᠡᠳᠤ ᠭᠡᠷ︾ ᠪᠤᠯᠤᠬᠰᠠᠨ ᠤ ᠳᠠᠷᠠᠭᠠᠬᠢ ᠳᠤᠮᠳᠠᠳᠤ ᠤᠯᠤᠰ ᠤᠨ ᠬᠤᠷᠳᠤᠴᠠ ᠪᠣᠯᠤᠨ ᠳᠤᠮᠳᠠᠳᠤ ᠤᠯᠤᠰ ᠤᠨ ᠬᠦᠴᠦᠨ ᠢ ᠲᠡᠷᠡ ᠪᠠᠷ ᠪᠠᠰᠠ ᠨᠢᠭᠡᠨ ᠤᠳᠠᠭ᠎ᠠ ᠪᠡᠶᠡᠴᠢᠯᠡᠨ ᠣᠶᠢᠯᠠᠭᠠᠪᠠ᠃ ᠡᠭᠦᠨ ᠤ ᠬᠠᠮᠲᠤ᠂ ᠲᠠᠩ ᠬᠤᠩ ᠪᠥᠸᠧ ᠪᠠᠰᠠ ᠣᠳᠣᠬᠠᠨ ᠪᠤᠯᠲᠠᠯᠠᠬᠢ ᠬᠤᠶᠠᠷ ᠤᠳᠠᠭᠠᠨ ᠤ ᠨᠢᠰᠦᠯᠲᠡ ᠶᠢᠨ ᠡᠭᠦᠷᠭᠡ ᠶᠢ ᠭᠦᠢᠴᠡᠳᠭᠡᠬᠦ ᠬᠤᠭᠤᠷᠤᠨᠳᠤ ᠠᠯᠤᠰᠯᠠᠭᠰᠠᠨ ᠴᠠᠭ ᠢᠶᠠᠷ ᠬᠠᠮᠤᠭ ᠤᠨ ᠣᠬᠤᠷ ᠪᠤᠯᠬᠤ ᠳᠤᠮᠳᠠᠳᠤ ᠤᠯᠤᠰ ᠤᠨ ᠰᠠᠨᠰᠠᠷᠴᠢᠨ ᠪᠣᠯᠵᠠᠶ᠃     ᠵᠠᠯᠭᠠᠭᠠᠳ ᠬᠤᠶᠠᠷ ᠰᠠᠨᠰᠠᠷᠴᠢᠨ ᠤ ᠳᠤᠭᠤᠶᠢᠯᠠᠩ ᠰᠠᠨᠰᠠᠷ ᠤᠨ ᠦᠷᠲᠡᠭᠡ ᠳᠤ ᠲᠤᠭᠤᠷᠢᠯᠲᠠ ᠶᠢᠨ ᠵᠠᠮ ᠳᠤ ᠡᠭᠡᠯᠵᠢ ᠰᠣᠯᠢᠨ᠎ᠠ᠃ ᠡᠨᠡ ᠬᠤᠭᠤᠴᠠᠭᠠᠨ ᠳᠤ᠂ 6 ᠰᠠᠨᠰᠠᠷᠴᠢᠨ ᠬᠠᠮᠲᠤ ᠪᠠᠷ ᠰᠠᠨᠰᠠᠷ ᠤᠨ ᠦᠷᠳᠡᠭᠡ ᠳᠤ 4 ᠡᠳᠦᠷ ᠰᠢᠬᠠᠮ ᠠᠵᠢᠯᠯᠠᠵᠤ ᠠᠮᠢᠳᠤᠷᠠᠵᠤ᠂ ᠡᠯ᠎ᠡ ᠵᠦᠢᠯ ᠤᠨ ᠲᠣᠭᠲᠠᠭᠰᠠᠨ ᠠᠵᠢᠯ ᠢᠶᠠᠨ ᠪᠡᠶᠡᠯᠡᠭᠦᠯᠬᠦ ᠪᠣᠯᠤᠨ᠎ᠠ᠃                  ︵ᠰᠢᠨᠬᠤᠸᠠ ᠬᠤᠷᠢᠶ᠎ᠠ ᠶᠢᠨ ᠪᠡᠭᠡᠵᠢᠩ ᠤᠨ 10 ᠰᠠᠷ᠎ᠠ ᠶᠢᠨ 26 ᠤ ᠴᠠᠬᠢᠯᠭᠠᠨ ᠮᠡᠳᠡᠭᠡ︶     ᠳᠤᠮᠳᠠᠳᠤ ᠤᠯᠤᠰ ᠤᠨ ᠬᠥᠮᠦᠨ ᠰᠠᠭᠤᠯᠭᠠᠭᠰᠠᠨ ᠰᠠᠨᠰᠠᠷ ᠤᠨ ᠠᠶᠠᠯᠠᠯ ᠤᠨ ᠢᠨᠵᠧᠨᠧᠷᠢᠩ ᠤᠨ ᠠᠯᠪᠠᠨ ᠬᠡᠷ ᠤᠨ ᠮᠡᠳᠡᠭᠡ ᠶᠢ ᠦᠨᠳᠦᠰᠦᠯᠡᠪᠡᠯ᠂ ᠬᠤᠪᠢᠯᠭᠠᠨ ᠣᠩᠭᠤᠴᠠ ᠠᠷᠪᠠᠨ ᠳᠣᠯᠣᠳᠤᠭᠠᠷ ᠬᠥᠮᠦᠨ ᠰᠠᠭᠤᠯᠭᠠᠭᠰᠠᠨ ᠨᠢᠰᠭᠦ ᠣᠩᠭᠤᠴᠠ ᠲᠣᠭᠤᠷᠢᠯᠲᠠ ᠶᠢᠨ ᠵᠠᠮ ᠳᠤ ᠤᠷᠤᠭᠰᠠᠨ ᠤ ᠳᠠᠷᠠᠭ᠎ᠠ᠂ ᠪᠡᠭᠡᠵᠢᠩ ᠤᠨ ᠴᠠᠭ ᠢᠶᠠᠷ 2023 ᠣᠨ ᠤ 10 ᠰᠠᠷ᠎ᠠ ᠶᠢᠨ 26 ᠤ ᠡᠳᠦᠷ ᠤᠨ 17 ᠴᠠᠭ 46 ᠮᠢᠨᠦ᠋ᠲ ᠲᠤ᠂ ᠰᠠᠨᠰᠠᠷ ᠤᠨ ᠥᠷᠲᠡᠭᠡ ᠶᠢᠨ ᠲᠢᠶᠡᠨ ᠡᠾᠧ ᠭᠤᠤᠯ ᠥᠷᠥᠭᠡ ᠶᠢᠨ ᠡᠮᠦᠨ᠎ᠡ ᠦᠵᠦᠭᠦᠷ ᠲᠠᠢ ᠠᠮᠵᠢᠯᠲᠠ ᠲᠠᠢ ᠵᠠᠯᠭᠠᠯᠳᠤᠵᠤ᠂ ᠪᠦᠬᠦ᠋ᠯᠡ ᠵᠠᠯᠭᠠᠯᠳᠤᠬᠤ ᠶᠠᠪᠤᠴᠠ ᠨᠢ ᠪᠠᠷᠤᠭ 6.5 ᠴᠠᠭ ᠦᠷᠭᠦᠯᠵᠢᠯᠡᠵᠡᠶ᠃
2.png
     ᠵᠢᠷᠤᠭ ᠪᠣᠯ 10 ᠰᠠᠷ᠎ᠠ ᠶᠢᠨ 26 ᠤ ᠡᠳᠦᠷ ᠪᠡᠭᠡᠵᠢᠩ ᠤᠨ ᠰᠠᠨᠰᠠᠷ ᠤᠨ ᠠᠶᠠᠯᠠᠯ ᠤᠨ ᠨᠢᠰᠦᠯᠲᠡ ᠶᠢᠨ ᠡᠵᠡᠮᠳᠡᠬᠦ ᠲᠥᠪ ᠲᠤ ᠰᠡᠭᠦᠳᠡᠷᠯᠡᠭᠰᠡᠨ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠤᠨ ᠰᠠᠨᠰᠠᠷᠴᠢᠨ ᠤ ᠳᠤᠭᠤᠶᠢᠯᠠᠩ ᠪᠣᠯᠤᠨ ᠬᠤᠪᠢᠯᠭᠠᠨ ᠣᠩᠭᠤᠴᠠ ᠠᠷᠪᠠᠨ ᠳᠣᠯᠣᠳᠤᠭᠠᠷ ᠤᠨ ᠰᠠᠨᠰᠠᠷᠴᠢᠨ ᠤ ᠳᠤᠭᠤᠶᠢᠯᠠᠩ ᠤᠨ ᠬᠠᠮᠲᠤ ᠶᠢᠨ ᠰᠡᠭᠦᠳᠡᠷ ᠪᠣᠯᠤᠨ᠎ᠠ᠃                     ᠰᠢᠨᠬᠤᠸᠠ ᠬᠤᠷᠢᠶ᠎ᠠ ᠶᠢᠨ ᠭᠡᠷᠡᠯ ᠵᠢᠷᠤᠭ     ᠡᠭᠦᠷᠭᠡ ᠶᠢᠨ ᠲᠥᠯᠥᠪᠯᠡᠭᠡ ᠶᠣᠰᠣᠭᠠᠷ᠂ 3 ᠰᠠᠨᠰᠠᠷᠴᠢᠨ ᠲᠠᠷᠠᠭ᠎ᠠ ᠪᠠᠷ ᠬᠤᠪᠢᠯᠭᠠᠨ ᠣᠩᠭᠤᠴᠠ ᠠᠷᠪᠠᠨ ᠳᠣᠯᠣᠳᠤᠭᠠᠷ ᠬᠥᠮᠦᠨ ᠰᠠᠭᠤᠯᠭᠠᠭᠰᠠᠨ ᠨᠢᠰᠭᠦ ᠣᠩᠭᠤᠴᠠ ᠠᠴᠠ ᠰᠠᠨᠰᠠᠷ ᠤᠨ ᠥᠷᠲᠡᠭᠡᠨ ᠤ ᠲᠢᠶᠡᠨ ᠡᠾᠧ ᠭᠤᠣᠯ ᠥᠷᠥᠭᠡᠨ ᠳᠤ ᠣᠷᠣᠨ᠎ᠠ᠃ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠤᠨ ᠰᠠᠨᠰᠠᠷᠴᠢᠨ ᠤ ᠳᠤᠭᠤᠶᠢᠯᠠᠩ ᠤᠨ ᠬᠢᠨ ᠬᠤᠪᠢᠯᠭᠠᠨ ᠣᠩᠭᠤᠴᠠ ᠠᠷᠪᠠᠨ ᠳᠣᠯᠣᠳᠤᠭᠠᠷ ᠤᠨ ᠰᠠᠨᠰᠠᠷᠴᠢᠨ ᠤ ᠲᠤᠭᠤᠶᠢᠯᠠᠩ ᠤᠨ ᠤᠷᠤᠵᠤ ᠰᠠᠭᠤᠬᠤ ᠶᠢ ᠤᠭᠲᠤᠬᠤ ᠡᠯ᠎ᠡ ᠵᠦᠢᠯ ᠤᠨ ᠪᠡᠯᠡᠳᠭᠡᠯ ᠠᠵᠢᠯ ᠢ ᠨᠢᠭᠡᠨᠲᠡ ᠰᠠᠶᠢᠲᠤᠷ ᠬᠢᠵᠡᠢ᠃                   ︵ᠰᠢᠨᠬᠤᠸᠠ ᠬᠤᠷᠢᠶ᠎ᠠ ᠶᠢᠨ ᠪᠡᠭᠡᠵᠢᠩ ᠤᠨ 10 ᠰᠠᠷ᠎ᠠ ᠶᠢᠨ 26 ᠤ ᠴᠠᠬᠢᠯᠭᠠᠨ ᠮᠡᠳᠡᠭᠡ︶ 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ