ᠲᠤᠷᠠᠰᠤᠮᠵᠢ ᠲᠦᠬᠦᠷᠡᠩ ᠬᠦᠬᠡᠪᠦᠷ ᠤᠨ ᠬᠦᠢᠲᠡᠨ ᠰᠢᠭᠦᠳᠡᠷᠢ
ᠨᠡᠶᠢᠲᠡᠯᠡᠭᠰᠡᠨ ᠴᠠᠭ᠄
2023/10/24
     ᠡᠭᠦᠯᠡ ᠡᠭᠦᠯᠡ ᠪᠠᠨ ᠲᠠᠭᠤᠭᠠᠳ ᠡᠭᠦᠳᠡᠨ ᠠᠴᠠ ᠮᠢᠨᠢ ᠰᠢᠷᠭᠠᠯᠲᠤᠬᠤ ᠬᠦᠪᠴᠢ ᠬᠠᠩᠭᠠᠢ ᠠᠭᠤᠯᠠ ᠭᠤᠪᠢ ᠲᠠᠯ᠎ᠠ ᠬᠦᠨᠲᠡᠢ ᠡᠩ ᠳᠡᠭᠡᠨ ᠨᠢᠭᠡ ᠯᠠ  ᠨᠡᠯᠦᠶᠢᠭᠡᠳ ᠲᠡᠭᠦᠨ ᠤ ᠪᠠᠨ ᠰᠣᠷ ᠳᠡᠭᠡᠭᠦᠷ ᠰᠢᠬᠦᠲᠡᠷᠢ ᠶᠢᠨ ᠮᠦᠬᠦᠯᠢᠭ ᠮᠦᠩᠭᠦᠨ ᠭᠠᠷᠠᠬ᠎ᠠ ᠰᠠᠭᠤᠯᠭᠠᠴᠢᠬᠠᠭᠰᠠᠨ ᠰᠢᠭ ᠨᠢᠳᠦ ᠭᠢᠯᠠᠰᠤᠭᠤᠯᠤᠨ ᠪᠠᠶᠢᠬᠤ ᠨᠢ ᠠᠪᠤ ᠶᠢᠨ ᠪᠣᠷᠣᠯᠠᠭ ᠤᠨ ᠮᠦᠩᠭᠦᠨ ᠲᠣᠯᠢᠲᠤ ᠬᠠᠵᠠᠭᠠᠷ ᠰᠢᠬ᠂ ᠡᠵᠢ ᠶᠢᠨ ᠦᠰᠦᠨ ᠤ ᠪᠠᠳᠮ᠎ᠠ ᠯᠢᠩᠬᠤᠸᠠᠳᠤ ᠰᠦᠢᠬᠡ ᠰᠢᠭ ᠭᠤᠶᠣ ᠬᠠᠷᠠᠭᠳᠠᠨ᠎ᠠ᠃ ᠲᠡᠭᠦᠨ ᠤ ᠳᠡᠭᠡᠭᠦᠷ ᠵᠣᠷᠬ᠎ᠠ ᠳᠠᠳᠠᠭᠤᠯᠤᠨ ᠬᠤᠯᠠᠳᠠᠭᠰᠠᠨ ᠮᠠᠯ ᠤᠨ ᠮᠦᠷ ᠶᠠᠭ ᠯᠠ ᠭᠦᠯᠦ ᠬᠠᠷ᠎ᠠ ᠨᠣᠭᠳᠤ ᠰᠢᠭ ᠰᠤᠨᠤᠯᠵᠠᠨ᠎ᠠ᠃ ᠭᠦᠯᠦ ᠬᠠᠷ᠎ᠠ ᠨᠣᠭᠲᠣᠨ ᠴᠣᠯᠪᠣᠭᠤᠷ ᠢᠶᠠᠷ ᠢᠶᠠᠨ ᠭᠦᠷᠪᠡᠯᠵᠡᠵᠦ ᠬᠠᠷᠠᠭᠳᠠᠬᠤ ᠳᠡᠯᠡᠬᠡᠢ ᠶᠢᠨ ᠢᠶᠠᠨ ᠰᠡᠭᠡᠷ ᠨᠢᠷᠤᠭᠤᠨ ᠠᠴᠠ ᠬᠦᠮᠦᠯᠳᠦᠷᠭᠡᠯᠡᠵᠦ ᠳᠠᠳᠠᠭᠰᠠᠠ ᠲᠠᠲᠠᠯᠠᠭ᠎ᠠ ᠰᠢᠭ ᠯᠠ ᠬᠦᠭᠡᠪᠦᠷ ᠤᠨ ᠮᠢᠨᠢ ᠬᠦᠢᠳᠡᠨ ᠰᠢᠬᠦᠳᠡᠷᠢ ᠪᠠᠭᠤᠭᠰᠠᠨ ᠨᠠᠮᠤᠷᠵᠢᠶ᠎ᠠ ᠬᠠᠶ᠋ᠨ ᠬᠠᠶᠠ ᠵᠢᠷᠦᠬᠡᠨ ᠳᠤ ᠪᠣᠳᠣᠭᠳᠠᠬᠤ ᠶᠢ ᠶᠠᠭᠠᠬᠢᠨ᠎ᠠ ᠭᠡᠬᠦᠪ ᠳ᠋ᠧ᠃     ᠠᠭᠤᠯᠠ ᠲᠣᠯᠣᠭᠠᠳ ᠤᠨ ᠪᠤᠭᠤᠷᠤᠯ ᠳᠣᠰᠢᠨ ᠳᠡᠭᠡᠷ᠎ᠡ ᠤᠨᠤᠭ᠎ᠠ ᠬᠦᠯᠪᠦᠷᠢ ᠪᠠᠨ ᠠᠷᠭᠠᠮᠵᠢᠵᠤ ᠬᠤᠨᠣᠨ᠂ ᠡᠷᠲᠡ ᠶᠢᠨ ᠴᠠᠭᠠᠨ ᠰᠢᠭᠦᠳᠡᠷᠢ ᠪᠠᠷ ᠬᠤᠨᠢ ᠪᠠᠨ ᠬᠦᠳᠡᠯᠭᠡᠨ ᠡᠪᠡᠰᠦᠨ ᠤ ᠰᠣᠷᠭᠤᠭ ᠢᠶᠠᠷ ᠪᠡᠯᠴᠢᠭᠡᠷᠯᠡᠭᠦᠯᠦᠨ᠂ ᠪᠠᠭ᠎ᠠ ᠦᠳᠡ ᠶᠢᠨ ᠠᠯᠳᠠ ᠪᠠᠷ ᠬᠦᠢᠳᠡᠨ ᠰᠢᠭᠦᠳᠡᠷᠢ ᠠᠯᠭᠤᠷᠬᠠᠠ ᠬᠠᠯᠠᠵᠤ ᠡᠬᠢᠯᠡᠬᠦ ᠳᠤ ᠬᠤᠨᠢ ᠪᠠᠨ ᠠᠭᠤᠯᠠ ᠬᠢᠷ᠎ᠠ ᠶᠢᠨ ᠦᠨᠳᠦᠷ᠂ ᠲᠣᠪᠤ ᠲᠣᠪᠣᠴᠠᠭ ᠤᠨ ᠣᠷᠤᠢ ᠪᠠᠷᠢᠭᠤᠯᠤᠨ ᠬᠡᠪᠲᠡᠭᠦᠯᠴᠢᠭᠡᠭᠡᠳ ᠪᠦᠭ ᠪᠦᠭ ᠱᠣᠭᠰᠢᠭᠤᠯᠳᠠᠭ ᠪᠠᠶᠢᠭᠰᠠᠨ ᠠᠶᠢᠯ ᠤᠨ ᠡᠪᠦᠭᠡ ᠨᠠᠷ ᠤᠨ ᠪᠠᠷ᠎ᠠ ᠨᠢᠳᠤᠨ ᠳᠤ ᠲᠣᠲᠤᠬᠠᠨ ᠠᠴᠠ ᠲᠣᠳᠣᠬᠠᠨ᠃ ᠲᠦᠷᠪᠡᠡ ᠤᠯᠠᠷᠢᠯ ᠤᠨ ᠴᠠᠭ ᠠᠭᠠᠷ᠂ ᠪᠡᠯᠴᠢᠭᠡᠷ ᠤᠰᠤ᠂ ᠨᠠᠷᠠ ᠰᠠᠯᠬᠢᠨ᠂ ᠤᠷᠭᠤᠮᠠᠯ ᠴᠡᠴᠡᠭ ᠤᠨ ᠦᠩᠭᠡ ᠪᠠᠷ ᠢᠷᠡᠬᠦ ᠵᠢᠯ ᠤᠨ ᠦᠩᠭᠡ᠂ ᠡᠳᠦᠷ ᠤᠨ ᠰᠠᠶᠢᠬᠠᠨ ᠢ ᠰᠢᠨᠵᠢᠨ ᠨᠡᠭᠦᠳᠡᠯᠯᠡᠵᠦ ᠣᠲᠣᠷᠯᠠᠵᠤ ᠪᠠᠶᠢᠭᠰᠠᠨ ᠪᠤᠭᠤᠷᠤᠯ ᠨᠠᠰᠤᠳᠠᠳ ᠤᠨ ᠴᠢᠷᠠᠢ ᠬᠠᠷᠠᠴᠠᠨ ᠤ ᠦᠵᠦᠭᠦᠷ ᠬᠠᠯᠢᠭᠤᠷᠠᠨ ᠰᠥᠨᠳᠡᠷᠯᠡᠳᠡᠭ ᠪᠠᠶᠠᠠ ᠣᠪᠣᠭᠠᠳᠣ ᠶᠢᠨ ᠦᠨᠳᠦᠷ ᠵᠤᠯᠠᠢ ᠰᠢᠭ ᠢᠶᠠᠨ ᠨᠠᠷᠠᠨ ᠳᠤ ᠣᠶᠢᠷᠠᠬᠠᠠ ᠪᠠᠶᠢᠳᠠᠭ ᠠᠴᠠ ᠪᠣᠯᠵᠤ ᠬᠠᠷᠠᠯᠠᠵᠤ ᠪᠣᠷᠣᠯᠠᠭᠰᠠᠨ ᠪᠠᠶᠢᠯᠭᠦᠢ ᠳ᠋ᠠ ᠬᠦᠭᠡᠷᠦᠬᠦᠢ᠃ ᠨᠠᠷᠠᠨ ᠳᠤ ᠬᠠᠯᠠᠭᠰᠠᠨ ᠰᠢᠭᠦᠳᠡᠷᠢ ᠳᠤ ᠬᠤᠨᠢ ᠢᠮᠠᠭᠠᠨ ᠤ ᠰᠢᠯᠪᠢ ᠪᠣᠷᠪᠢ ᠬᠢᠮᠤᠰᠤ ᠴᠦᠪᠦᠷᠢᠭᠦᠳᠦᠵᠦ ᠳᠣᠭᠤᠯᠳᠠᠬᠤ ᠪᠤᠢ ᠳ᠋ᠡ ᠭᠡᠵᠦ ᠪᠠᠭ᠎ᠠ ᠦᠳᠡ ᠶᠢᠨ ᠨᠠᠷᠠᠨ ᠢᠶᠠᠷ ᠣᠷᠣᠢ ᠲᠣᠯᠣᠭᠠᠢ᠂ ᠳᠣᠪᠤ ᠲᠣᠪᠣᠴᠠᠭ ᠪᠠᠷᠢᠭᠤᠯᠤᠨ ᠪᠡᠯᠴᠢᠭᠡᠭᠰᠡᠨ ᠰᠦᠷᠦᠭ ᠢᠶᠠᠨ ᠰᠢᠭᠦᠳᠡᠷᠢ ᠡᠭᠰᠢᠬᠦ ᠪᠠᠷ ᠰᠠᠯᠬᠢ ᠪᠠᠷᠢᠭᠤᠯᠤᠨ ᠪᠡᠯᠴᠢᠭᠡᠳᠡᠭ ᠨᠢ ᠡᠩᠭᠡᠷ ᠬᠦᠭᠡᠪᠦᠷ ᠤᠨ ᠨᠦᠮᠦᠭᠡᠨ ᠴᠠᠭᠠᠨ ᠡᠪᠦᠭᠡᠨ ᠤ ᠬᠦᠯᠭᠡᠨ ᠴᠠᠭᠠᠨ ᠵᠢᠷᠤᠬᠠᠢ ᠶᠢᠨ ᠶᠠᠪᠤᠳᠠᠯ ᠶᠤᠮ ᠳ᠋ᠠ᠃     ᠲᠠᠭᠠᠨ᠎ᠠ ᠮᠠᠩᠭᠢᠷ ᠤᠨ ᠶᠠᠭᠠᠨ ᠴᠡᠴᠡᠭ ᠲᠡᠯᠭᠡᠷᠡᠭᠰᠡᠨ ᠬᠦᠨᠲᠡᠢ ᠨᠦᠭᠳᠡᠭᠡ᠂ ᠵᠡᠭᠡᠷᠭᠡᠨ᠎ᠡ ᠬᠢᠯᠭᠠᠨ᠎ᠠ ᠬᠠᠯᠢᠭᠤᠷᠠᠨ ᠬᠠᠶᠠᠯᠠᠭᠰᠠᠨ ᠰᠢᠯᠢ ᠬᠠᠩᠭᠠᠢ  ᠭᠤᠪᠢ ᠴᠠᠶᠢᠳᠠᠮ ᠢᠶᠠᠷ ᠣᠲᠣᠷ ᠨᠡᠭᠦᠳᠡᠯ ᠰᠤᠪᠤᠳᠠᠭ ᠤᠨ ᠬᠠᠮ ᠠᠴᠢᠶ᠎ᠠ ᠶᠢ ᠲᠠᠭᠠᠵᠤ ᠭᠦᠶᠦᠵᠦ ᠪᠠᠶᠢᠭᠰᠠᠨ ᠪᠠᠭ᠎ᠠ ᠨᠠᠰᠤᠨ ᠤ ᠮᠢᠨᠢ ᠤᠯᠠ ᠮᠦᠷ ᠦᠵᠡᠭᠳᠡᠨ᠎ᠡ᠃ ᠵᠢᠷᠤᠭ ᠤᠨ ᠶᠤᠮ ᠰᠢᠭ ᠵᠠᠭᠤᠨ ᠵᠠᠭᠤᠨ ᠰᠦᠷᠦᠭ ᠨᠢ ᠴᠦ ᠡᠩ ᠦᠬᠡᠢ ᠶᠤᠮ ᠰᠢᠭ ᠨᠠᠯᠠᠶᠢᠨ ᠴᠠᠶᠢᠵᠤ ᠲᠡᠭᠷᠢ ᠶᠢᠨ ᠴᠠᠭᠠᠨ ᠡᠭᠦᠯᠡ ᠪᠠᠭᠤᠴᠢᠬᠠᠭᠰᠠᠨ ᠶᠤᠮ ᠤᠤ ᠳᠡᠷᠡᠰᠦᠲᠦ ᠶᠢᠨ ᠴᠠᠭᠠᠨ ᠰᠢᠪᠠᠭᠤᠬᠠᠢ ᠢᠷᠡᠴᠢᠭᠡᠭᠰᠡᠡ ᠶᠤᠮ ᠤᠤ ᠬᠡᠮᠡᠷᠬᠡᠨ ᠭᠤᠶᠤ ᠯᠠ ᠬᠠᠷᠠᠭᠳᠠᠳᠠᠭ ᠪᠠᠶᠢᠭᠰᠠᠨ ᠁     — ᠬᠡᠷᠡᠰᠤ ᠤᠯᠠᠶᠢᠴᠢᠬᠠᠯ᠎ᠠ ᠠᠪᠤ ᠡ     — ᠬᠡᠭᠡᠷ ᠪᠣᠷᠣᠯᠠᠭ ᠤᠨ ᠠᠳᠤᠭᠤ ᠬᠤᠶᠢᠰᠢᠯᠠᠴᠢᠬᠠᠯ᠎ᠠ     — ᠨᠡᠭᠦᠬᠦ ᠤᠤ ᠳ᠋ᠡ ᠪᠠᠶᠢᠬᠤ ᠤᠤ ᠳ᠋ᠡ ᠁ ᠭᠡᠳᠡᠭ ᠮᠦᠷ ᠪᠠᠳᠠᠭ ᠴᠦ ᠦᠪᠡᠷ ᠤᠨ ᠡᠷᠬᠡ ᠦᠬᠡᠢ ᠰᠠᠨᠠᠭᠠᠨ ᠳᠤ ᠪᠠᠭᠤᠵᠤ᠂ ᠦᠶ᠎ᠡ ᠥᠶᠡᠭᠡᠨ ᠦᠶᠡᠯᠵᠡᠬᠦ ᠬᠢᠯᠭᠠᠨ᠎ᠠ ᠶᠢᠨ ᠨᠠᠮᠠᠭ᠎ᠠ ᠪᠠᠷ ᠳᠡᠷᠲᠡᠭᠡ ᠬᠠᠷᠠᠭᠳᠠᠬᠤ ᠠᠯᠤᠰ ᠤᠨ ᠪᠠᠷ᠎ᠠ ᠳᠤ ᠨᠠᠮᠠᠢᠢ ᠠᠭᠤᠰᠬᠠᠨ ᠠᠭᠤᠰᠬᠠᠬᠤ ᠨᠢ ᠭᠠᠶᠢᠬᠠᠯᠳᠠᠢ᠃     ᠬᠠᠷ᠎ᠠ ᠨᠣᠬᠠᠢ ᠪᠢᠳᠡ ᠬᠤᠶᠠᠷ ᠠᠮᠠᠨ ᠤ ᠤᠰᠤᠨ ᠳᠤ ᠶᠠᠪᠤᠬᠤ ᠡᠵᠢ ᠪᠠ ᠰᠢᠷ᠎ᠠ ᠲᠠᠷᠯᠠᠨ ᠬᠤᠶᠠᠷ ᠢᠶᠠᠨ ᠳᠠᠭᠠᠬᠤ ᠳᠤᠷᠠᠲᠠᠢ᠃ ᠤᠰᠤᠨ ᠲᠡᠷᠭᠡ ᠳᠠᠭᠠᠵᠤ ᠶᠠᠪᠤᠭᠠᠳ ᠢᠷᠡᠬᠦ ᠳᠤ ᠠᠪᠤ ᠮᠢᠨᠢ᠄ ︽ᠭᠤᠪᠢ ᠶᠢᠨ ᠬᠡᠷᠡᠰᠤ ᠤᠯᠠᠶᠢᠴᠢᠬᠠᠯ᠎ᠠ᠃ ᠬᠤᠶᠠᠷ ᠬᠤᠨᠤᠭ ᠣᠷᠤᠭᠤᠯᠤᠭᠠᠳ ᠭᠠᠷᠭᠠᠬᠤ ᠤᠤ ᠳ᠋ᠡ︾ ᠭᠡᠵᠥ ᠡᠵᠢ ᠲᠠᠢ ᠵᠦᠪᠳᠡᠭᠰᠡᠨ ᠠᠶᠠᠰ ᠲᠠᠢ ᠶᠠᠷᠢᠬᠤ ᠠᠪᠠᠴᠤ ᠴᠠᠭᠠᠨ᠎ᠠ ᠪᠠᠨ ︽ᠲᠡᠭᠡᠨ᠎ᠡ︕︾ ᠭᠡᠰᠡᠡ ᠰᠠᠨᠠᠭ᠎ᠠ ᠨᠢ ᠢᠯᠡᠬᠡᠨ ᠴᠤᠬᠤᠶᠢᠵᠤ ᠪᠠᠶᠢᠳᠠᠭ ᠢ ᠪᠢ ᠰᠠᠶᠢᠨ ᠮᠡᠳᠡᠨ᠎ᠡ᠃ ︽ᠪᠣᠷᠣ ᠰᠢᠷᠡᠭᠡ ᠶᠢᠨ ᠬᠦᠩᠬᠡ ᠮᠠᠩᠭᠢᠷ ᠴᠦ ᠳᠠᠪᠤᠤ ᠲᠡᠯᠭᠡᠭᠰᠡᠡ ᠰᠢᠭ ᠶᠠᠭᠠᠷᠠᠵᠤ ᠬᠠᠷᠠᠭᠳᠠᠨ᠎ᠠ᠂ ᠲᠡᠨᠳᠡ ᠬᠡᠳᠦ ᠬᠤᠨᠤᠭᠠᠳ ᠭᠠᠷᠬᠤ ᠠᠴᠠ︾ ᠭᠡᠵᠥ ᠬᠠᠷ᠎ᠠ ᠦᠷ ᠤᠨ ᠰᠡᠷᠢᠭᠦᠨ ᠢᠶᠠᠷ ᠬᠠᠮ ᠲᠡᠷᠭᠡ ᠰᠠᠵᠢᠯᠠᠭᠤᠯᠤᠨ ᠬᠥᠳᠡᠯᠳᠡᠭ ᠪᠠᠶᠢᠭᠰᠠᠨ ᠶᠤᠮ᠃ ᠬᠡᠷᠡᠰᠤ ᠲᠠᠭᠠᠨ᠎ᠠ᠂ ᠬᠦᠩᠬᠡ ᠮᠠᠩᠭᠢᠷ ᠪᠤᠯ ᠤᠰᠤᠯᠢᠭ ᠤᠷᠭᠤᠮᠠᠯ ᠶᠤᠮ᠃ ᠬᠡᠷᠡᠰᠤ ᠲᠠᠭᠠᠨ᠎ᠠ᠂ ᠬᠦᠩᠬᠡ ᠮᠠᠩᠭᠢᠷ᠂ ᠭᠤᠭᠤᠳ ᠰᠣᠩᠭᠢᠨ᠎ᠠ ᠵᠡᠷᠭᠡ ᠤᠷᠭᠤᠮᠠᠯ ᠢ ᠢᠳᠡᠭᠰᠡᠨ ᠬᠤᠨᠢ ᠢᠮᠠᠭᠠᠳ ᠲᠠᠪᠤ ᠳᠣᠯᠣᠭᠠᠨ ᠬᠤᠨᠤᠭ ᠤᠰᠤᠨ ᠳᠤ ᠣᠷᠣᠬᠤ ᠦᠬᠡᠢ ᠴᠦ ᠠᠵᠢᠭ ᠦᠬᠡᠢ ᠪᠠᠶᠢᠳᠠᠭ ᠢ ᠮᠠᠯᠴᠢᠨ ᠠᠪᠤ ᠪᠠᠨ ᠳᠠᠭᠠᠵᠤ ᠣᠲᠣᠷ ᠰᠣᠪᠣᠳᠠᠭ ᠶᠠᠪᠤᠵᠤ ᠪᠠᠶᠢᠬᠤ ᠳᠠᠭᠠᠨ ᠪᠢ ᠮᠡᠳᠡᠵᠦ ᠠᠪᠤᠭᠰᠠᠨ ᠶᠤᠮ᠃     ᠬᠦᠢᠳᠡᠨ ᠰᠢᠭᠦᠳᠡᠷᠢ ᠪᠠᠭᠤᠭᠰᠠᠨ ᠦᠷᠯᠦᠭᠡ ᠨᠠᠭᠠᠴᠤ᠄ ︽ᠬᠦᠢᠲᠡᠨ ᠰᠢᠭᠦᠳᠡᠷᠢ ᠪᠠᠭᠤᠴᠢᠬᠠᠯ᠎ᠠ᠃ ᠬᠤᠶᠢᠰᠢ ᠪᠠᠨ ᠬᠦᠳᠡᠯᠬᠦ ᠤᠤ ᠳ᠋ᠠ︾ ᠭᠡᠵᠤ ᠨᠠᠭᠠᠴᠤ ᠡᠵᠢ ᠶᠢ ᠴᠢᠷᠠᠶᠢᠳᠠᠨ ᠨᠠᠮᠤᠭᠤᠬᠠᠨ ᠶᠠᠷᠢᠬᠤ ᠳᠤ ︽ᠬᠦᠢᠳᠡᠨ ᠰᠢᠭᠦᠳᠡᠷᠢ ᠪᠠᠭᠤᠵᠤ ᠪᠠᠶᠢᠨ᠎ᠡ᠂ ᠢᠮᠠᠭ᠎ᠠ ᠲᠠᠷᠭᠤᠯᠠᠬᠤ ᠴᠠᠭ ᠪᠣᠯᠴᠢᠬᠠᠯ᠎ᠠ︾ ᠭᠡᠵᠥ ᠶᠠᠷᠢᠲᠠᠭ ᠬᠠᠭᠤᠴᠢᠨ ᠬᠦᠮᠦᠨ ᠤ ᠦᠭᠡ ᠬᠠᠤᠯᠢ ᠰᠢᠤᠬᠠᠨ ᠪᠠᠶᠢᠳᠠᠭ ᠢ ᠮᠠᠨᠠᠶᠢᠬᠢᠨ ᠪᠦᠷ ᠮᠡᠳᠡᠨ᠎ᠡ᠃ ᠪᠤᠭᠤᠷᠤᠯ ᠡᠵᠢ ᠶᠢᠨ ᠢᠶᠠᠨ ᠦᠭᠡ ᠪᠠᠷ ᠨᠠᠮᠤᠷᠵᠢᠶᠠᠨ ᠤ ᠨᠤᠲᠤᠭ ᠢᠶᠠᠨ ᠳᠠᠭᠠᠷᠢᠨ ᠠᠷᠭᠠᠯ ᠲᠦᠯᠡᠰᠢ ᠪᠠᠨ ᠠᠴᠢᠶᠠᠯᠠᠭᠠᠳ ᠠᠷᠤ ᠲᠡᠭᠡᠭ ᠤᠨ ᠬᠦᠨᠲᠡᠢ ᠤᠷᠤᠭᠤ ᠠᠯᠭᠤᠷᠬᠠᠨ ︽ᠬᠥᠥᠭ ᠬᠥᠥᠭ︾ ᠭᠡᠳ ᠬᠥᠳᠡᠯᠳᠡᠭ ᠪᠠᠶᠢᠭᠰᠠᠨ ᠶᠤᠮ᠃ ︽ᠪᠢᠯᠢᠭ ᠤᠨ ᠨᠠᠢᠮᠠᠨ ᠰᠠᠷ᠎ᠠ ᠶᠢᠨ ᠢᠮᠠᠭᠠᠨ ᠮᠢᠬ᠎ᠠ ᠡᠮ ᠳᠤ ᠤᠷᠤᠳᠠᠭ︾ ᠭᠡᠳᠡᠭ ᠢᠶᠠᠷ ᠰᠢᠨ᠎ᠡ ᠨᠤᠲᠤᠭ ᠲᠤ ᠪᠠᠭᠤᠭᠰᠠᠨ ᠤ ᠪᠠᠨ ᠳᠠᠷᠠᠭ᠎ᠠ ᠬᠢᠵᠠᠭᠠᠯᠠᠩ ᠰᠡᠷᠬᠡ ᠪᠠᠵᠠᠭᠠᠨ ᠢᠮᠠᠭᠠᠨ ᠤ ᠲᠤᠷᠤᠭ ᠱᠥᠯᠥ ᠤᠤᠭᠤᠵᠤ ᠰᠠᠭᠤᠬᠤ ᠳᠤ ᠨᠠᠮᠤᠷ ᠤᠨ ᠰᠡᠭᠦᠯᠴᠢ ᠶᠢᠨ ᠡᠵᠢ ᠶᠢᠨ ᠰᠢᠷᠭᠠᠯ ᠡᠳᠦᠷ ᠤᠳ ᠴᠠᠭᠠᠰᠢᠯᠠᠵᠤ ᠬᠦᠬᠡᠭᠡ ᠡᠪᠤᠯ ᠤᠨ ᠬᠥᠬᠡ ᠡᠪᠦᠬᠡᠨ ᠰᠡᠷ ᠰᠡᠷ ᠮᠡᠷ ᠮᠡᠷ ᠠᠮᠢᠰᠬᠤᠯᠯᠠᠨ᠂ ᠡᠮᠦᠰᠦᠭᠰᠡᠨ ᠬᠥᠬᠡ ᠵᠤᠪᠴᠠᠭ᠎ᠠ ᠳᠠᠭᠠᠨ ᠬᠠᠯᠠᠭᠤᠳᠠᠭᠠᠳ ᠪᠠᠶᠢᠨ᠎ᠠ ᠤᠤ ᠳ᠋ᠡ ᠭᠡᠮᠡᠷᠬᠡᠨ ᠨᠦᠮᠵᠦᠭ ᠬᠠᠷᠠᠭᠳᠠᠬᠤ ᠨᠢ ᠭᠡᠷ ᠬᠠᠳᠠᠨ ᠤ ᠡᠪᠦᠯᠵᠢᠶ᠎ᠡ ᠶᠢ ᠮᠢᠨᠢ ᠦᠪᠡᠷ ᠤᠨ ᠡᠷᠬᠡ ᠦᠬᠡᠢ ᠰᠠᠨᠠᠭᠳᠠᠭᠤᠯᠳᠠᠭ᠃     ᠬᠡᠪᠲᠡᠭᠰᠡᠨ ᠬᠤᠨᠢᠳ ᠵᠠᠬ᠎ᠠ ᠠᠴᠠ ᠪᠠᠨ ᠢᠷᠠᠰ ᠭᠢᠲᠡᠯ᠎ᠡ ᠦᠷᠭᠦᠬᠦ ᠳᠤ ᠬᠤᠲᠠᠨ ᠤ ᠵᠠᠬ᠎ᠠ ᠳᠤ ᠬᠠᠮ ᠲᠡᠷᠭᠡᠨ ᠳᠤ ᠬᠤᠨᠤᠭᠰᠠᠨ ᠨᠠᠭᠠᠴᠤ᠂ ᠬᠤᠲᠠᠴᠢ ᠬᠠᠯᠲᠠᠷ ᠬᠤᠶᠠᠷ ᠴᠦ ᠵᠡᠷᠭᠡ ᠳᠡᠭᠡᠨ ᠰᠢᠤᠬᠠᠨ ᠲᠠᠭᠤ ᠪᠠᠨ ᠥᠭᠳᠡᠭ ᠢ ᠰᠠᠨᠠᠴᠢᠬᠠᠯ᠎ᠠ᠃ ︽ᠦᠳᠡᠰᠢ ᠨᠢᠭᠡ ᠶᠢ ᠬᠠᠭᠤᠯᠠᠭᠤᠯᠴᠢᠬᠠᠯ᠎ᠠ︾ ᠭᠡᠵᠦ ᠮᠠᠨᠠᠭᠠᠨ ᠳᠤ ᠬᠤᠨᠤᠭᠰᠠᠨ ᠨᠠᠭᠠᠴᠤ ᠡᠭᠦᠳᠡ ᠲᠠᠲᠠᠨ ᠣᠷᠤᠵᠤ ᠢᠷᠡᠬᠦ ᠳᠤ ︽ᠵᠦᠭᠡᠷ ᠡ ᠵᠦᠭᠡᠷ᠂ ᠰᠢᠨ᠎ᠡ ᠨᠤᠲᠤᠭ ᠤᠨ ᠡᠪᠦᠭᠡᠨ ᠰᠠᠪᠳᠠᠭ ᠱᠥᠯᠥᠨ ᠤ ᠶᠠᠭᠤᠮ᠎ᠠ ᠠᠪᠠᠴᠢᠭᠰᠠᠨ ᠪᠠᠶᠢᠯᠭᠦᠢ︾ ᠭᠡᠵᠦ ᠴᠠᠢ ᠪᠠᠨ ᠰᠠᠮᠤᠷᠠᠭ᠎ᠠ ᠨᠠᠭᠠᠴᠤ ᠡᠵᠢ ᠠᠵᠢᠭ ᠴᠦ ᠦᠬᠡᠢ ᠬᠠᠷᠢᠭᠤᠯᠳᠠᠭ ᠪᠠᠶᠢᠭᠰᠠᠨ ᠢ ᠴᠡᠭᠡᠵᠢᠯᠡᠵᠦ ᠪᠠᠶᠢᠨ᠎ᠠ᠃ ᠮᠣᠷᠢ ᠪᠠᠨ ᠶᠡᠭᠦᠯᠡᠬᠦ ᠪᠠᠷ ᠶᠠᠪᠤᠭᠰᠠᠨ ᠨᠠᠭᠠᠴᠤ ᠪᠠᠨ ᠣᠷᠣᠯᠠᠵᠤ ᠨᠠᠳᠠ ᠠᠴᠠ ᠬᠤᠷᠢ ᠰᠢᠬᠠᠭᠤ ᠨᠠᠰᠤᠨ ᠤ ᠵᠦᠷᠢᠶ᠎ᠡ ᠲᠠᠢ ᠪᠡᠭᠡᠵᠢᠩ ᠠᠬ᠎ᠠ ᠲᠠᠢ ᠬᠤᠶᠠᠭᠤᠯᠠ ᠮᠠᠨᠠᠭᠠᠨ ᠳᠤ ᠬᠤᠨᠤᠬᠤ ᠪᠠᠷ ᠭᠠᠷᠣᠨ᠎ᠠ᠃ ᠪᠡᠭᠡᠵᠢᠩ ᠬᠤᠲᠠ ᠠᠴᠠ ᠬᠥᠳᠡᠭᠡ ᠪᠠᠭᠤᠭᠰᠠᠨ ᠰᠡᠬᠡᠭᠡᠲᠡᠨ ᠪᠣᠯᠬᠤᠷ ᠪᠢᠳᠡ ᠲᠡᠭᠦᠨ ᠢ ᠪᠡᠭᠡᠵᠢᠩ ᠠᠬ᠎ᠠ ᠭᠡᠵᠦ ᠳᠠᠭᠤᠳᠠᠳᠠᠭ ᠶᠤᠮ᠃ ᠪᠡᠭᠡᠵᠢᠩ ᠠᠬ᠎ᠠ ᠳᠤ ᠬᠠᠨᠢ ᠪᠣᠯᠵᠤ ᠬᠠᠮ ᠲᠡᠷᠭᠡᠨ ᠤ ᠪᠦᠭᠡᠭ ᠲᠤ ᠭᠦᠯ ᠢᠶᠠᠨ ᠵᠢᠭᠢᠨ ᠬᠤᠨᠤᠨ᠎ᠠ ᠭᠡᠵᠦ ᠪᠠᠶᠠᠷᠯᠠᠭᠰᠠᠨ ᠳᠠᠭᠠᠨ ᠠᠶᠤᠨ᠎ᠡ ᠭᠡᠳᠡᠭ ᠢ ᠲᠠᠭ ᠮᠠᠷᠳᠠᠨ᠂ ᠪᠡᠭᠡᠵᠢᠩ ᠠᠬ᠎ᠠ ᠲᠠᠢ ᠬᠤᠶᠠᠭᠤᠯᠠ ᠰᠦᠨᠢ ᠶᠢᠨ ᠣᠳᠣᠳ ᠢ ᠪᠦᠷᠢᠳᠭᠡᠨ ᠲᠣᠭᠠᠯᠠᠵᠤ ᠬᠤᠯᠠ ᠣᠶᠢᠷ᠎ᠠ ᠶᠢᠨ ᠰᠣᠨᠢᠨ ᠢ ᠳᠡᠯᠭᠡᠵᠦ ᠬᠤᠨᠣᠨ᠎ᠠ ᠭᠡᠬᠦ ᠪᠠᠷ ᠬᠦᠭᠰᠡᠨ ᠪᠠᠶᠠᠷᠯᠠᠭᠰᠠᠨ ᠢᠶᠠᠨ ᠣᠳᠤ ᠴᠦ ᠭᠡᠳ ᠪᠢ ᠮᠠᠷᠲᠠᠵᠤ ᠴᠢᠳᠠᠳᠠᠭ ᠦᠬᠡᠢ ᠶᠤᠮ᠃ ᠬᠤᠲᠠ ᠲᠠᠢ ᠬᠤᠨᠢ ᠨᠢ ᠪᠦᠷᠢᠨ ᠠᠮᠤᠭᠤᠯᠠᠩ᠂ ᠬᠤᠶᠠᠷ ᠬᠡᠥᠬᠡᠳ ᠨᠢ ᠠᠶᠤᠵᠤ ᠰᠣᠴᠢᠭᠰᠠᠨ ᠦᠬᠡᠢ ᠣᠷᠤᠭᠠᠳ ᠢᠷᠡᠬᠦᠯᠡᠷ ᠨᠠᠭᠠᠴᠤ ᠡᠵᠢ ᠬᠠᠭ᠎ᠠ ᠪᠠᠶᠠᠷᠯᠠᠭᠠᠳ ᠨᠠᠰᠤᠨ ᠤ ᠪᠠᠨ ᠲᠣᠭᠠᠯᠠᠩ ᠢᠶᠠᠷ ᠭᠦᠨ ᠭᠦᠨ ᠠᠲᠤᠷᠢᠶ᠎ᠠ ᠰᠠᠭᠤᠭᠰᠠᠨ ᠮᠠᠩᠨᠠᠢ ᠨᠢ ᠲᠡᠨᠢᠢᠭᠡᠳ ᠶᠠᠪᠤᠴᠢᠬᠠᠳᠠᠭ᠃ ᠰᠡᠭᠦᠯ ᠤᠨ ᠦᠭᠡᠬᠦ ᠬᠦᠪᠪᠦᠭᠦᠯᠦᠭᠰᠡᠨ ᠪᠤᠳᠠᠭ᠎ᠠ ᠲᠠᠢ ᠬᠠᠷ᠎ᠠ ᠴᠠᠢ ᠶᠢᠨ ᠠᠭᠠᠭ ᠴᠦ ᠤᠷᠢᠳᠤ ᠰᠦᠨᠢ ᠶᠢᠨ ᠮᠠᠨᠠᠭᠠᠨ ᠤ ᠬᠤᠶᠠᠷ ᠤᠨ ᠴᠢᠯᠡᠭᠡ ᠶᠢ ᠲᠠᠶᠢᠯᠤᠨ᠎ᠠ ᠭᠡᠰᠡᠨ ᠰᠢᠤᠬᠠᠠ ᠶᠠᠰᠤᠨ ᠠᠴᠠ ᠬᠦᠯᠦᠰᠦ ᠴᠢᠬᠠᠷᠠᠭᠤᠯᠤᠨ ᠤᠯᠠᠭ᠎ᠠ ᠪᠠᠳᠠᠷᠠᠭᠤᠯᠳᠠᠭ ᠪᠠᠶᠢᠭᠰᠠᠨ ᠶᠤᠮ ᠡ᠃     ᠠᠪᠤ ᠶᠢᠨ ᠮᠢᠨᠢ ᠦᠨᠡᠭᠡᠨ ᠪᠦᠰᠡᠯᠡᠭᠦᠷ ᠰᠢᠭ ᠰᠣᠷ ᠨᠢ ᠨᠠᠮᠢᠷᠠᠭᠠᠳ᠂ ᠠᠷᠭᠠᠮᠵᠢᠶ᠎ᠠ ᠲᠠᠢ ᠬᠤᠨᠣᠭᠰᠠᠨ ᠬᠦᠯᠦᠭ ᠰᠢᠭ ᠳᠡᠯ ᠨᠢ ᠪᠣᠳᠠᠷᠠᠭᠠᠳ ᠨᠠᠮᠤᠷᠵᠢᠨ ᠵᠦᠰᠡᠷᠡᠭᠰᠡᠨ ᠪᠣᠷᠤᠭᠠᠨ ᠰᠢᠭ ᠡᠪᠡᠰᠦᠨ ᠤ ᠨᠠᠮᠠᠭᠠᠨ ᠳᠡᠭᠡᠷ᠎ᠡ ᠬᠥᠯᠮᠥᠭᠳᠡᠨ ᠡᠵᠢ ᠶᠢᠨ ᠪᠣᠷᠤ ᠡᠷᠢᠬᠡᠨ ᠤ ᠡᠷᠢᠬᠡ ᠰᠢᠭ᠂ ᠡᠰᠡᠬᠦᠯ᠎ᠡ ᠡᠬᠡᠨᠡᠷ ᠤᠨ ᠨᠢᠭᠤᠵᠤ ᠤᠨᠠᠭᠠᠭᠰᠠᠨ ᠨᠢᠯᠪᠤᠰᠤ ᠰᠢᠭ ᠬᠦᠢᠲᠡᠨ ᠰᠢᠭᠦᠳᠡᠷᠢ ᠶᠢᠨ ᠬᠥᠬᠡ ᠴᠡᠴᠡᠭ ᠦᠵᠦᠭᠦᠷ ᠲᠠᠢ ᠪᠦᠬᠦᠨ ᠤ ᠰᠣᠷ ᠳᠡᠭᠡᠷ᠎ᠡ ᠦᠯᠢᠭᠡᠷ ᠤᠨ ᠶᠤᠮ ᠰᠢᠭ ᠮᠦᠩᠬᠡ ᠶᠢᠨ ᠶᠤᠮ ᠰᠢᠭ ᠰᠠᠷᠠᠨ ᠤ ᠲᠤᠶᠠᠭ᠎ᠠ ᠪᠣᠯᠵᠤ ᠠᠰᠬᠠᠵᠤ ᠢᠷᠡᠭᠰᠡᠨ ᠢ ᠬᠠᠷᠠᠵᠤ ᠥᠰᠥᠭᠰᠡᠨ ᠬᠡᠥᠬᠡᠳ ᠪᠣᠯᠬᠤᠷ ᠪᠢ ᠨᠠᠮᠤᠷ ᠨᠠᠮᠤᠷ ᠤᠨ ᠬᠦᠢᠳᠡᠨ ᠰᠢᠭᠦᠳᠡᠷᠢ ᠶᠢᠨ ᠴᠠᠭᠠᠨ ᠴᠡᠴᠡᠭ ᠲᠤ ᠰᠦ ᠰᠢᠭ ᠴᠠᠭᠠᠬᠠᠨ ᠰᠢᠯᠦᠭ ᠢᠶᠠᠨ ᠡᠷᠭᠦᠬᠦ ᠳᠤᠷᠠᠲᠠᠢ᠃ ᠰᠡᠭᠦᠯᠴᠢ ᠶᠢᠨ ᠭᠠᠯᠠᠭᠤ ᠪᠦᠬᠦᠨ ᠤ ᠭᠠᠩᠭᠠᠨᠠᠭ᠎ᠠ ᠳᠤ ᠬᠢᠷᠠᠭᠤ ᠲᠠᠢ ᠨᠠᠮᠤᠷ ᠤᠨ ᠬᠦᠨᠳᠦᠬᠡᠨ ᠭᠤᠨᠢᠭ ᠢ ᠵᠡᠭᠦᠯᠭᠡᠭᠡᠳ ᠶᠠᠪᠤᠭᠤᠯᠴᠢᠬᠠᠮᠠᠷ ᠤᠶᠠᠷᠠᠭᠤᠬᠠᠨ ᠳᠠᠭᠤᠯᠠᠬᠤ ᠳᠤᠷᠠᠲᠠᠢ ᠨᠢᠭᠡᠨ᠃     ᠰᠥᠯ ᠲᠠᠢ ᠡᠪᠡᠰᠦᠨ ᠤ ᠴᠢᠮᠦᠭᠡᠨ ᠳᠤ ᠰᠦ ᠲᠠᠢ ᠴᠠᠢ ᠪᠠᠨ ᠠᠶᠠᠭᠠᠯᠠᠭ᠎ᠠ ᠤᠤ ᠳ᠋ᠠ ᠬᠡᠮᠡᠷᠬᠡᠡ ᠰᠦᠨᠢ ᠶᠢᠨ ᠪᠠᠷᠠᠭᠠᠨ ᠳᠤ ᠰᠡᠮᠡᠭᠡᠷᠬᠡᠨ ᠢᠷᠡᠵᠦ ᠦᠷᠯᠦᠭᠡ ᠶᠢᠨ ᠨᠠᠷᠠᠨ ᠳᠤ ᠠᠭᠤᠷ ᠰᠠᠪᠰᠠᠭᠤᠯᠤᠨ ᠪᠠᠶᠢᠬᠤ ᠨᠢ ᠥᠵᠡᠰᠭᠦᠯᠡᠩ ᠤᠨ ᠭᠠᠳᠠᠨ᠎ᠠ ᠥᠵᠡᠰᠭᠦᠯᠡᠩ᠃ ︽ᠦᠪᠡᠷ ᠤᠨ ᠮᠢᠨᠢ ᠲᠠᠭᠤᠤ ᠦᠪᠡᠷ ᠤᠨ ᠲᠠᠯ᠎ᠠ ᠪᠠᠨ ᠲᠡᠯᠡᠳᠡᠭ ᠶᠤᠮ ᠡ︾ ᠭᠡᠬᠦ ᠪᠠᠷ ᠡᠭᠦᠷ ᠰᠡᠭᠦᠯᠲᠦ ᠦᠷᠢᠶ᠎ᠡ ᠬᠦᠯᠦᠭ ᠮᠤᠷᠢ ᠨᠢ ᠬᠦᠢ᠂ ᠦᠵᠦᠮᠦᠴᠢᠨ ᠭᠡᠭᠦᠨ ᠤ ᠬᠢᠨᠢ ᠤᠨᠠᠭᠠᠨ ᠠᠳᠤᠭᠤ ᠡ ᠁ ᠭᠡᠵᠥ ᠪᠠᠶᠢᠮ᠎ᠠ ᠬᠤᠯᠠ ᠶᠢᠨ ᠨᠢᠭᠡᠨ ᠬᠥᠮᠥᠨ ᠪᠣᠳᠣᠯ ᠤᠨ ᠦᠵᠦᠬᠦᠷ ᠬᠠᠶ᠋ᠨ ᠬᠠᠶᠠ ᠴᠡᠩᠬᠡᠷᠯᠡᠨ ᠴᠡᠩᠬᠡᠷᠯᠡᠨ ᠢᠷᠡᠵᠦ ᠨᠠᠮᠠᠢᠢ ᠰᠦᠢᠯᠭ᠎ᠠ ᠰᠠᠭᠤᠭᠰᠠᠨ ᠠᠳᠤᠭᠤ ᠰᠢᠭ ᠡᠭᠰᠢ ᠠᠯᠳᠠᠭᠤᠯᠤᠨ ᠠᠯᠳᠠᠭᠤᠯᠳᠠᠭ ᠶᠤᠮ᠃     ᠬᠦᠷᠡᠩ ᠲᠠᠷᠯᠠᠠ ᠢᠶᠠᠨ ᠭᠠᠷᠯᠠᠨ ᠭᠥᠪᠡᠭᠡ ᠳᠠᠪᠠᠨ ᠬᠤᠯᠠᠳᠠᠬᠤ ᠲᠡᠭᠦᠨ ᠤ ᠪᠠᠷ᠎ᠠ ᠬᠥᠮᠥᠰᠭᠡᠨ ᠤ ᠳᠤᠤᠷ᠎ᠠ ᠠᠴᠠ ᠨᠢᠯᠪᠤᠰᠤ ᠶᠢ ᠮᠢᠨᠢ ᠴᠦᠷᠬᠡᠯᠡᠭᠡᠳ ᠨᠡᠭᠦᠬᠦ‍ ᠰᠢᠭ ᠰᠠᠨᠠᠭᠳᠠᠨ᠎ᠠ᠃ ᠤᠷᠤᠰᠬᠤ ᠨᠢᠯᠪᠤᠰᠤ ᠴᠦ ᠵᠣᠷᠬ᠎ᠠ ᠲᠠᠲᠠᠨ ᠬᠤᠯᠠ ᠶᠢᠨ ᠣᠲᠣᠷ ᠤᠨ ᠨᠡᠭᠦᠭᠰᠡᠨ ᠲᠡᠷᠭᠡᠨ ᠤ ᠮᠦᠷ ᠰᠢᠭ ᠬᠠᠯᠲᠠᠷᠰᠢᠨ ᠦᠯᠡᠳᠡᠭᠰᠡᠨ ᠢ ᠶᠠᠭᠠᠬᠢᠨ᠎ᠠ ᠭᠡᠬᠦᠪ ᠳ᠋ᠧ᠃ ᠬᠤᠯᠠ ᠶᠢᠨ ᠬᠤᠯᠠ ᠶᠢᠨ ᠣᠲᠣᠷ ᠬᠤᠶᠢᠳᠤᠨ ᠵᠢᠯ ᠤᠨ ᠨᠠᠮᠤᠷ ᠢᠶᠠᠷ ᠡᠩᠭᠡᠷ ᠬᠦᠭᠡᠪᠥᠷ ᠤᠨ ᠮᠢᠨᠢ ᠲᠤᠯᠠᠭᠠᠠ ᠪᠠᠭᠤᠴᠠ ᠪᠠᠷ ᠡᠷᠭᠢᠯᠲᠡ ᠦᠬᠡᠢ ᠢᠷᠡᠵᠦ ᠪᠠᠭᠤᠭᠠᠰᠠᠢ ᠭᠡᠮᠡᠨ ᠢᠯᠡᠭᠦᠦ ᠰᠠᠷ᠎ᠠ ᠲᠠᠢ ᠨᠠᠮᠤᠷ ᠤᠨ ᠬᠦᠢᠲᠡᠨ ᠤ ᠴᠠᠭᠠᠨ ᠰᠢᠭᠦᠳᠡᠷᠢ ᠪᠠᠷ ︽ᠬᠦᠷᠢᠶ᠎ᠡ ᠲᠠᠲᠠᠨ ᠴᠢᠮᠴᠢᠬᠢᠨᠡᠬᠦ ᠦᠷ ᠤᠨ ᠬᠢᠷᠠᠭ᠎ᠠ ᠶᠢᠨ ᠮᠦᠩᠭᠦᠨ ᠰᠢᠭᠦᠳᠡᠷᠢ ᠰᠢᠭ᠂ ᠬᠥᠮᠥᠰᠭᠡᠯᠡᠬᠦ ᠵᠢᠷᠦᠬᠡᠡ ᠤ ᠲᠣᠯᠳᠤᠨ ᠳᠤ ᠪᠠᠭᠤᠭᠰᠠᠨ ᠰᠠᠷᠠᠨ ᠤ ᠡᠭᠡᠰᠢᠭ ᠁︾ ᠭᠡᠮᠡᠨ ᠴᠢᠨᠤ ᠨᠡᠭᠦᠭᠰᠡᠨ ᠵᠦᠭ ᠤᠨ ᠠᠭᠤᠯᠠ ᠲᠣᠯᠣᠭᠠᠳ ᠬᠦᠪᠴᠢ ᠬᠠᠩᠭᠠᠢ ᠶᠢ ᠰᠢᠷᠳᠡᠨ ᠨᠡᠬᠡᠭᠡᠰᠤ ᠦᠬᠡᠢ ᠬᠡᠯᠬᠢᠭᠰᠡᠨ ᠮᠦᠷ ᠪᠠᠳᠠᠭ ᠢᠶᠠᠷ ᠢᠶᠠᠨ ᠰᠡᠳᠭᠢᠯ ᠢᠶᠠᠨ ᠠᠷᠭᠠᠳᠠᠨ ᠰᠠᠭᠤᠭᠰᠠᠨ ᠮᠠᠨᠢ ᠦᠴᠦᠭᠡᠳᠦᠷᠬᠡᠨ ᠤ ᠰᠢᠭ ᠯᠠ ᠰᠠᠨᠠᠭᠳᠠᠨ᠎ᠠ᠃     ᠠᠶ᠎ᠠ᠂ ᠬᠤᠩᠭᠤᠷᠬᠠᠨ ᠨᠠᠮᠤᠷ ᠮᠢᠨᠢ᠂ ᠬᠤᠮᠣᠯ ᠬᠦᠷᠳᠡᠯ᠎ᠡ ᠢᠨᠴᠠᠭᠠᠵᠤ ᠬᠠᠷᠠᠭᠳᠠᠳᠠᠭ ᠬᠦᠭᠡᠪᠥᠷ ᠤᠨ ᠭᠤᠪᠢ ᠮᠢᠨᠢ᠃ ᠬᠤᠷᠭᠤᠯᠵᠠᠨ ᠬᠤᠷᠭᠤᠯᠵᠠᠬᠤ ᠬᠦᠢᠲᠡᠨ ᠰᠢᠭᠦᠳᠡᠷᠢ ᠪᠠᠷ ᠬᠠᠶ᠋ᠢᠭ ᠦᠬᠡᠢ ᠵᠠᠬᠢᠳᠠᠯ ᠢᠶᠠᠨ ᠨᠣᠣᠷᠠᠭᠯᠠᠵᠤ ᠰᠠᠭᠤᠨ᠎ᠠ᠃ ᠣᠨ ᠵᠢᠯ ᠤᠨ ᠤᠷᠳᠤ ᠳᠤ ᠡᠯᠡᠵᠦ ᠰᠡᠮᠡᠷᠡᠭᠰᠡᠨ ᠳᠤᠷᠠᠰᠤᠮᠵᠢ ᠪᠠᠨ ᠬᠠᠭᠤᠴᠢᠨ ᠭᠡᠷ ᠤᠨ ᠴᠠᠪᠤᠭ ᠲᠠᠭᠠᠨ ᠰᠢᠷᠭᠤᠭᠤᠯᠵᠤ ᠬᠤᠨᠢᠶᠠᠰᠤ ᠦᠬᠡᠢ ᠰᠡᠳᠭᠡᠯ ᠤᠨ ᠡᠩ ᠢᠶᠠᠨ ᠬᠤᠨᠳᠠᠭᠠᠯᠠᠵᠤ ᠰᠠᠭᠤᠭᠰᠠᠨ ᠠᠪᠤ ᠶᠢᠨ ᠢᠶᠠᠨ ᠳᠥᠷᠬᠦ ᠪᠠᠷ ᠱᠤᠭᠤᠵᠤ ᠬᠦᠭᠡᠪᠥᠷ ᠤᠨ ᠭᠤᠪᠢ ᠶᠢᠨ ᠦᠯᠢᠭᠡᠷ ᠢ ᠬᠡᠥᠬᠡᠳ ᠤᠳ ᠲᠡᠭᠡᠨ ᠵᠠᠯᠭᠠᠭᠤᠯᠤᠨ᠎ᠠ᠃   
ᠢᠷᠡᠯᠲᠡ᠄ ᠣᠷᠳᠣᠰ ᠮᠤᠩᠭᠤᠯ ᠰᠦᠯᠵᠢᠶ᠎ᠡ