ᠡᠭᠡᠰᠢᠭ ᠲᠤᠯᠤᠭ᠎ᠠ ᠳᠤ ᠮᠦᠩᠭᠡᠵᠢᠬᠦ ᠨᠠᠭᠤᠷ
ᠨᠡᠶᠢᠲᠡᠯᠡᠭᠰᠡᠨ ᠴᠠᠭ᠄
2023/10/12
                                  ● ᠬᠤᠨᠢᠴᠢᠨ ᠰᠤᠨᠢᠨᠪᠢᠯᠢᠭ᠌    ᠠ    ᠠᠯᠤᠰ ᠵᠠᠭᠤᠨ ᠤ ᠲᠡᠷᠳᠡᠭᠡ ᠠᠴᠠ ᠲᠡᠮᠡᠦᠯᠵᠦ    ᠠᠯᠳᠠᠨ ᠨᠠᠷᠠᠨ ᠤ ᠭᠡᠷᠡᠯ ᠢ ᠰᠠᠴᠤᠷᠠᠭᠤᠯᠤᠨ ᠲᠤᠰᠬᠠᠭᠰᠠᠨ    ᠠᠷᠢᠭᠤᠨ ᠲᠠᠭᠰᠢᠨ ᠠᠯᠳᠠᠨ ᠤᠪᠤᠭ᠎ᠠ ᠪᠠᠨ ᠲᠦᠰᠢᠵᠦ    ᠠᠩᠭᠢᠷ ᠤᠭᠤᠷᠠᠭ ᠢᠶᠠᠷ ᠢᠶᠠᠨ ᠲᠦᠮᠡᠨ ᠤᠯᠠᠨ ᠢᠶᠠᠨ ᠲᠡᠳᠬᠦᠭᠰᠡᠨ    ᠠᠷᠪᠠᠨ ᠭᠤᠷᠪᠠᠨ ᠭᠤᠤᠯ ᠤᠨ ᠤᠶᠠᠩᠭ᠎ᠠ ᠲᠠᠢ    ᠠᠪᠤ ᠶᠢᠨ ᠬᠠᠶᠢᠷᠠᠳᠠᠢ ᠠᠮᠢᠨ ᠨᠠᠭᠤᠷ ᠮᠢᠨᠢ    ᠡ    ᠡ᠊ᠩᠭᠡᠷ ᠤᠨ ᠮᠦᠩᠬᠦᠨ ᠲᠤᠪᠴᠢ ᠪᠠᠨ ᠮᠤᠯᠳᠦᠯᠵᠦ    ᠡ᠊ᠡᠭ ᠦᠭᠡᠢ ᠬᠠᠶᠢᠷ᠎ᠠ ᠪᠠᠷ ᠢᠶᠠᠨ ᠡᠭᠡ ᠲᠡᠯᠡᠭᠡᠢ ᠪᠠᠨ ᠪᠦᠪᠠᠶᠢᠯᠡᠭᠰᠡᠨ    ᠡᠪᠦᠭᠡᠳ ᠤᠨ ᠡᠷᠳᠡᠨᠢ ᠶᠢᠨ ᠪᠤᠮᠪᠠ ᠠᠴᠠ ᠷᠠᠰᠢᠶᠠᠨ ᠪᠠᠭᠤᠵᠤ    ᠡ᠊ᠩᠭᠡ ᠮᠡᠡᠳᠦ ᠶᠢᠨ ᠢᠷᠤᠭᠡᠯ ᠪᠤᠶᠠᠨ ᠢᠶᠠᠨ ᠬᠠᠶᠢᠷᠠᠯᠠᠭᠰᠠᠨ    ᠡᠭᠡᠰᠢᠭᠳᠦ ᠵᠢᠷᠭᠤᠭᠠᠨ ᠪᠤᠯᠠᠭ ᠤᠨ ᠤᠠᠳᠤᠷᠤᠭ᠎ᠠ ᠲᠠᠢ    ᠡᠵᠢ ᠶᠢᠨ ᠡ᠊ᠩᠭᠦᠷᠡᠢ ᠵᠢᠷᠤᠭᠡ ᠨᠠᠭᠤᠷ ᠮᠢᠨᠢ    ᠢ    ᠢᠳᠡᠭᠡᠯ ᠵᠤᠷᠢᠭ ᠤᠨ ᠵᠢᠯᠤᠭᠤ ᠪᠠᠨ ᠰᠤᠩᠭᠠᠵᠤ    ᠢᠷᠡᠭᠡᠳᠦᠢ ᠶᠢᠨ ᠰᠠᠶᠢᠬᠠᠨ ᠬᠦᠰᠡᠯ ᠢᠶᠠᠨ ᠵᠢᠬᠦᠷᠯᠡᠭᠰᠡᠨ    ᠢᠨᠠᠭ ᠬᠤᠤᠰ ᠠᠮᠠᠷᠠᠭ ᠰᠢᠭ ᠵᠡᠭᠡᠰᠦ ᠭᠤᠰᠢᠯᠵᠠᠵᠤ    ᠢᠯᠠᠭᠤᠭᠰᠠᠨ ᠢᠷᠠᠭᠤ ᠲᠠᠭᠤᠤ ᠪᠠᠨ ᠬᠠᠩᠭᠢᠨᠠᠭᠤᠯᠤᠭᠰᠠᠨ    ᠢᠪᠢᠯᠬᠦ ᠰᠦᠨ ᠤ ᠰᠢᠮ᠎ᠡ ᠲᠠᠢ    ᠢᠰᠡᠭᠡᠢ ᠲᠤᠭᠤᠷᠭᠠᠳᠠᠨ ᠤ ᠤᠮᠤᠭᠰᠢᠯ ᠡᠷᠳᠡᠨᠢ ᠨᠠᠭᠤᠷ ᠮᠢᠨᠢ    ᠤ    ᠤᠨᠢᠰᠤᠭ᠎ᠠ ᠰᠢᠭ ᠮᠠᠷᠭᠠᠰᠢ ᠶᠢᠨ ᠲᠦᠯᠬᠢᠬᠦᠷ ᠢ ᠠᠳᠬᠤᠵᠤ    ᠤᠩᠭᠤᠨ ᠲᠠᠷᠬᠠᠨ ᠬᠦᠢᠰᠦ ᠨᠤᠳᠤᠭ ᠢᠶᠠᠨ ᠰᠠᠬᠢᠭᠰᠠᠨ    ᠤᠮᠤᠭ ᠲᠡᠭᠦᠯᠳᠡᠷ ᠰᠡᠭᠡᠷ ᠨᠢᠷᠤᠭᠤ ᠪᠠᠨ ᠵᠢᠭᠠᠵᠤ    ᠤᠳᠤ ᠰᠢᠭ ᠬᠢᠯᠠᠯᠵᠠᠨ ᠰᠢᠡᠳᠠᠰᠤ ᠰᠣᠷᠢᠭᠰᠠᠨ    ᠤᠭᠳᠠᠷᠭᠤᠢ ᠶᠢᠨ ᠭᠡᠭᠡᠨ ᠰᠠᠷᠠᠨ ᠮᠡᠳᠦ    ᠤᠶᠤᠨ ᠪᠢᠯᠢᠭ ᠤᠨ ᠪᠤᠯᠤᠷ ᠲᠤᠯᠢ ᠨᠠᠭᠤᠷ ᠮᠢᠨᠢ    ᠤ    ᠤᠭ ᠦᠡᠳᠦᠰᠦ ᠪᠠᠨ ᠮᠠᠷᠳᠠᠯ ᠦᠭᠡᠢ ᠴᠡᠭᠡᠵᠢᠯᠡᠵᠦ    ᠤᠳᠤᠮᠳᠤ ᠲᠡᠦᠭᠡ ᠶᠢᠨ ᠰᠤᠳᠤᠷ ᠪᠤᠯᠤᠭᠰᠠᠨ    ᠤᠳᠭ᠎ᠠ ᠰᠤᠶᠤᠯ ᠢᠶᠠᠨ ᠬᠠᠶᠠᠯ ᠦᠭᠡᠢ ᠰᠢᠳᠦᠵᠦ    ᠤᠶᠠᠩᠭ᠎ᠠ ᠲᠠᠭᠤᠨ ᠤ ᠴᠢᠮᠡᠭ ᠪᠤᠯᠤᠭᠰᠠᠨ    ᠤᠷᠤᠰᠬᠤ ᠴᠠᠭ ᠤᠯᠠᠷᠢᠯ ᠳᠤ ᠬᠤᠪᠢᠷᠠᠭ᠎ᠠ ᠦᠭᠡᠢ    ᠤᠷᠤᠭ ᠲᠦᠷᠦᠯ ᠤᠨ ᠬᠡᠯᠬᠢᠶᠡᠰᠦ ᠮᠠᠩᠨᠠᠢ ᠨᠠᠭᠤᠷ ᠮᠢᠨᠢ    ᠦ    ᠦᠮᠦᠭ ᠰᠢᠭ ᠴᠠᠭᠠᠨ ᠮᠠᠩᠬᠠᠨ ᠤ ᠴᠠᠷᠬᠢ ᠪᠤᠯᠵᠤ    ᠦᠶᠦᠭ ᠲᠤᠯᠠᠭᠠᠨ ᠪᠤᠷᠤᠬᠤᠰᠢᠭᠤ ᠳᠠᠭᠠᠨ ᠲᠤᠷ᠎ᠠ ᠪᠠᠷ ᠢᠶᠠᠨ ᠴᠡᠩᠭᠡᠭᠰᠡᠨ    ᠦᠯᠣᠭᠡᠢ ᠪᠤᠯᠤᠭᠰᠠᠨ ᠰᠠᠯᠠᠭ᠎ᠠ ᠭᠤᠤᠯ ᠳᠠᠭᠠᠨ ᠵᠢᠷᠭᠠᠵᠤ    ᠦᠯᠵᠡᠢ ᠪᠡᠯᠭᠡᠳᠦ ᠢᠷᠦᠭᠡᠯ ᠵᠦᠩᠨᠡᠯ ᠢᠶᠠᠨ ᠬᠤᠷᠦ᠋ᠢᠯᠠᠭᠰᠠᠨ    ᠦᠷᠦ ᠵᠢᠷᠤᠭᠡᠨ ᠳᠤ ᠤᠶᠠᠭ᠎ᠠ ᠲᠠᠢ    ᠦᠨᠢ ᠡᠬᠦᠷᠢᠳᠡ ᠦᠮᠴᠢᠷᠬᠡᠬᠦ ᠦᠪ ᠨᠠᠭᠤᠷ ᠮᠢᠨᠢ    ᠦ    ᠦᠯᠡᠮᠵᠢ ᠶᠢᠨ ᠦᠨᠡᠨ ᠴᠢᠨᠠᠷ ᠢᠶᠠᠷ ᠲᠤᠭᠳᠠᠨᠢᠵᠤ    ᠦᠡᠳᠦᠰᠦ ᠤᠭᠰᠠᠭ᠎ᠠ ᠪᠠᠨ ᠵᠠᠯᠭᠠᠮᠵᠢᠯᠠᠵᠤ ᠮᠠᠠᠳᠤᠭᠤᠯᠤᠭᠰᠠᠨ    ᠦᠷᠪᠢᠰᠭᠢᠬᠦ ᠭᠠᠯ ᠤᠨ ᠲᠠᠷᠨᠢ ᠪᠠᠷ ᠨᠤᠮᠤᠬᠠᠳᠬᠠᠵᠤ    ᠦᠢᠯᠡᠰ ᠪᠠᠳᠠᠷᠠᠬᠤ ᠶᠢᠨ ᠬᠡᠶᠢᠮᠦᠷᠢ ᠪᠠᠨ ᠰᠡᠷᠭᠦᠭᠡᠭᠰᠡᠨ    ᠦᠯᠢᠭᠡᠷ ᠲᠠᠭᠤᠤ ᠶᠢᠨ ᠲᠤᠤᠯᠢᠰ ᠲᠠᠢ    ᠦᠷᠬᠦᠯᠵᠢ ᠰᠠᠨᠠᠭᠳᠠᠬᠤ ᠮᠦᠷᠦᠭᠡᠳᠦᠯ ᠤᠨ ᠨᠢᠳᠦᠨ ᠨᠠᠭᠤᠷ ᠮᠢᠨᠢ︕  
ᠢᠷᠡᠯᠲᠡ᠄ ᠤᠷᠳᠤᠰ ᠤᠨ ᠡᠳᠤᠷ ᠤᠨ ᠰᠤᠨᠢᠨ