ᠶᠢᠰᠦᠨ ᠸᠠᠯᠤᠨ᠋ᠲ ᠤᠨ HPV ᠸᠠᠺᠼᠢᠨ ᠲᠠᠷᠢᠬᠤ ᠨᠠᠰᠤ ᠶᠢ ᠦᠷᠬᠡᠳᠬᠡᠪᠡ
ᠨᠡᠶᠢᠲᠡᠯᠡᠭᠰᠡᠨ ᠴᠠᠭ᠄
2022/9/6
        ᠶᠢᠰᠦᠨ ᠸᠠᠯᠤᠨ᠋ᠲ ᠤᠨ HPV ᠸᠠᠺᠼᠢᠨ ᠲᠠᠷᠢᠬᠤ ᠨᠠᠰᠤ ᠶᠢ 9 ᠨᠠᠰᠤᠨ ᠠᠴᠠ 45 ᠨᠠᠰᠤᠨ ᠤ ᠡᠮᠡᠭᠲᠡᠶᠢᠴᠦᠳ ᠲᠤ᠋‌‍ᠲ᠋ᠠᠷᠢᠬᠤ ᠪᠤᠯᠭᠠᠨ‌ᠥᠷᠭᠡᠳᠬᠡᠪᠡ᠃ ᠰᠢᠤᠢ ᠰᠢᠶᠤᠤ ᠬᠤᠩ ᠠᠷᠠᠳ ᠤᠨ ᠰᠦᠯᠵᠢᠶ᠎ᠡ ᠶᠢᠨ  ᠰᠤᠷᠪᠤᠯᠵᠢᠯᠠᠭ᠎ᠠ ᠶᠢ  ᠬᠦᠯᠢᠶᠡᠬᠦ ᠳᠡᠭᠡᠨ᠂ᠶᠢᠰᠦᠨ  ᠸᠠᠯᠤᠨ᠋ᠲ ᠤᠨ  HPV  ᠸᠠᠺᠼᠢᠨ  ᠲᠠᠷᠢᠬᠤ  ᠬᠥᠮᠦᠰ ᠤᠨ   ᠬᠡᠪᠴᠢᠶ᠎ᠡ ᠶᠢ   ᠥᠷᠭᠡᠳᠬᠡᠬᠦ ᠨᠢ   ᠨᠠᠩ   ᠣᠯᠠᠨ‌ᠡᠮᠡᠭᠲᠡᠶᠢᠴᠦᠳ ᠲᠤ  ᠠᠰᠢᠭ  ᠬᠦᠷᠲᠡᠭᠡᠬᠦ  ᠪᠣᠯᠤᠨ᠎ᠠ  ᠭᠡᠵᠡᠶ᠃  ︽ᠸᠠᠺᠼᠢᠨ  ᠳᠠᠷᠢᠬᠤ ᠪᠠᠷ  ᠳᠠᠮᠵᠢᠭᠤᠯᠤᠨ   HPV ᠵᠢᠨ‌ᠬᠠᠯᠳᠠᠪᠤᠷᠢᠯᠠᠯ ᠢ ᠰᠡᠷᠭᠡᠶᠢᠯᠡᠵᠦ᠂ ᠰᠠᠪᠠ ᠶᠢᠨ ᠬᠦᠵᠦᠭᠦᠨ ᠤ ᠥᠮᠡᠨ ᠳᠤ ᠨᠡᠷᠪᠡᠭᠳᠡᠬᠦ ᠲᠣᠬᠢᠶᠠᠯᠳᠤᠮᠵᠢ ᠶᠢ ᠪᠠᠭᠠᠰᠬᠠᠵᠤ ᠪᠣᠯᠤᠨ᠎ᠠ᠃ᠡᠶᠢᠮᠦ ᠠᠴᠠ HPV  ᠸᠠᠺᠼᠢᠨ  ᠳᠠᠷᠢᠬᠤ ᠨᠢ  ᠡᠮᠡᠭᠲᠡᠶᠢᠴᠦᠳ ᠲᠤ  ᠮᠠᠰᠢ  ᠴᠢᠬᠤᠯᠠ  ᠪᠠᠶᠢᠳᠠᠭ︾  ᠭᠡᠵᠦ  ᠪᠡᠭᠡᠵᠢᠩ ‍ᠤᠨ‌‍ᠬᠥ᠋ᠩᠭᠡᠵᠢᠭᠦᠯᠬᠦ ᠡᠮᠨᠡᠯᠭᠡ ᠶᠢᠨ ᠬᠤᠷᠢᠶᠠᠨ ᠤ ᠡᠮᠡᠭᠲᠡᠶ ᠶᠢᠨ ᠰᠠᠯᠠᠭᠠᠨ ᠤ ᠬᠠᠪᠤᠳᠠᠷ ᠤᠨ  ᠰᠠᠯᠠᠭᠠᠨ ᠤ  ᠡᠷᠬᠢᠯᠡᠭᠴᠢ  ᠡᠮᠴᠢ  ᠰᠢᠤᠢ‌‍ᠰᠢᠶᠤᠤ ᠬᠤᠩ ᠬᠡᠯᠡᠪᠡ᠃ ᠲᠡᠭᠦᠨ ᠤ ᠲᠠᠨᠢᠯᠴᠠᠭᠤᠯᠤᠭᠰᠠᠨ ᠢᠶᠠᠷ᠂ ᠶᠢᠰᠦᠨ ᠸᠠᠯᠤᠨ᠋ᠲ ᠤᠨ HPV ᠸᠠᠺᠼᠢᠨ ᠲᠠᠷᠢᠬᠤ ᠨᠠᠰᠤᠨ ‍ᠤ‌‍ᠬᠡᠪᠴᠢᠶ᠎ᠡ ᠨᠢ ᠭᠤᠤᠯᠳᠠᠭᠤ ᠡᠮᠴᠢᠯᠡᠭᠡᠨ ᠤ  ᠲᠤᠷᠰᠢᠯᠲᠠ ᠳᠠᠬᠢ  ᠬᠥᠮᠦᠰ ᠤᠨ  ᠨᠠᠰᠤᠨ ᠤ  ᠬᠡᠪᠴᠢᠶ᠎ᠡ ᠪᠠᠷ  ᠲᠣᠭᠳᠠᠭᠠᠭᠳᠠᠨ᠎ᠠ᠃ᠡᠭᠦᠨ ᠠᠴᠠ ᠡᠮᠦᠨ᠎ᠡ᠂ ᠶᠢᠰᠦᠨ ᠸᠠᠯᠤᠨ᠋ᠲ ᠤᠨ HPV ᠸᠠᠺᠼᠢᠨ ᠤ ᠲᠠᠷᠢᠯᠭ᠎ᠠ ᠲᠠᠷᠢᠬᠤ ᠵᠥᠪᠰᠢᠶᠡᠷᠡᠯ ᠢ ᠣᠯᠤᠭᠰᠠᠨ ᠨᠠᠰᠤ ᠨᠢ16 ᠠᠴᠠ  26  ᠨᠠᠰᠤᠨ ᠤ  ᠡᠮᠡᠭᠳᠡᠶᠢᠴᠤᠳ  ᠪᠠᠶᠢᠵᠤ᠂  ᠡᠨᠡ  ᠨᠠᠰᠤᠨ ᠤ   ᠬᠡᠪᠴᠢᠶᠡᠨ ᠠᠴᠠ   ᠳᠠᠪᠠᠭᠰᠠᠨ   ᠪᠠᠶᠢᠪᠠᠯ᠂ᠥᠩᠭᠡᠷᠡᠭᠰᠡᠨ ᠳᠤ ᠬᠤᠶᠠᠷ ᠸᠠᠯᠤᠨ᠋ᠲ ᠤᠨ ᠸᠠᠺᠼᠢᠨ ᠪᠤᠶᠤ ᠳᠥᠷᠪᠡᠨ ᠸᠠᠯᠤᠨ᠋ᠲ ᠤᠨ ᠸᠠᠺᠼᠢᠨ ᠢᠶᠠᠷ  ᠣᠷᠣᠯᠠᠭᠤᠯᠵᠤ  ᠪᠠᠶᠢᠪᠠ᠃ᠣᠲᠣ ᠬᠠᠷᠢᠨ ᠶᠢᠰᠦᠨ ᠸᠠᠯᠤᠨ᠋ᠲ ᠤᠨ HPV ᠸᠠᠺᠼᠢᠨ ᠢ ᠰᠢᠭᠤᠳ ᠲᠠᠷᠢᠵᠦ ᠪᠤᠯᠬᠤ ᠪᠤᠯᠪᠠ᠂  ᠡᠨᠡ ᠨᠢ  ᠥᠷᠭᠡᠨ  ᠣᠯᠠᠨ‌ᠡᠮᠡᠭᠲᠡᠶᠢᠴᠦᠳ ᠲᠤ ᠠᠪᠴᠤ ᠬᠡᠯᠡᠪᠡᠯ ᠨᠢᠭᠡᠨ ᠰᠠᠶᠢᠨ ᠴᠢᠮᠡᠭᠡ ᠪᠣᠯᠬᠤ ᠶᠤᠮ᠃  ᠬᠤᠶᠠᠷ  ᠸᠠᠯᠤᠨ᠋ᠲ᠂  ᠳᠥᠷᠪᠡᠨ  ᠸᠠᠯᠤᠨ᠋ᠲ ᠤᠨHPV ᠸᠠᠺᠼᠢᠨ‌ᠨᠢᠭᠡᠨᠲᠡ ᠳᠠᠷᠢᠭᠤᠯᠤᠭᠰᠠᠨ ᠪᠣᠯᠪᠠᠴᠤ ᠮᠥᠨ ᠯᠡ  ᠶᠢᠰᠦᠨ  ᠸᠠᠯᠤᠨ᠋ᠲ ᠢ  ᠲᠠᠷᠢᠭᠤᠯᠵᠤ  ᠪᠣᠯᠤᠨ᠎ᠠ᠃  ᠰᠢᠤᠢ‌‍ᠰᠢᠶᠤᠤ ᠬᠤᠩ᠄ HPV ᠸᠠᠺᠼᠢᠨ ᠨᠢ ᠡᠭᠦᠰᠴᠦ ᠥᠩᠭᠡᠷᠡᠭᠰᠡᠨ ᠥᠬᠡᠶ ᠬᠠᠯᠳᠠᠪᠤᠷᠢᠯᠠᠯ ᠢ ᠤᠷᠢᠳᠴᠢᠯᠠᠨ ᠰᠡᠷᠭᠡᠶᠢᠯᠡᠬᠦ  ᠲᠠᠯ᠎ᠠ‌‍ᠪᠠᠷ‌ᠢᠯᠡᠳᠲᠡ ᠦᠷ᠎ᠡ ᠪᠦᠲᠦᠮᠵᠢ ᠣᠯᠵᠠᠶ᠂ ᠢᠯᠠᠩᠭᠤᠶ᠎ᠠ ᠬᠤᠷᠢᠴᠠᠯ ᠤᠨ ᠠᠵᠢᠯᠯᠠᠭ᠎ᠠ ᠠᠴᠠ ᠡᠮᠦᠨ᠎ᠡ ᠲᠠᠷᠢᠯᠭ᠎ᠠ ᠬᠢᠪᠠᠯ ᠬᠠᠮᠤᠭ ᠤᠨ ᠶᠡᠭᠡ ᠬᠠᠮᠠᠭᠠᠯᠠᠯᠲᠠ ᠶᠢᠨ ᠦᠷ᠎ᠡ ᠪᠦᠲᠦᠮᠵᠢ ᠣᠯᠵᠤ ᠴᠢᠳᠠᠨ᠎ᠠ᠃ ᠵᠠᠪᠠᠯ HPV ᠸᠠᠺᠼᠢᠨ ᠢ ᠡᠷᠲᠡᠬᠡᠨ ᠳᠠᠷᠢᠬᠤ ᠶᠢ ᠰᠠᠨᠠᠭᠤᠯᠵᠤ ᠪᠠᠶᠢᠨ᠎ᠠ᠂ ᠬᠤᠶᠠᠷ ᠸᠠᠯᠤᠨ᠋ᠲ ᠤᠨ ᠪᠤᠶᠤ ᠳᠥᠷᠪᠡᠨ ᠸᠠᠯᠤᠨ᠋ᠲ ᠤᠨ HPV ᠸᠠᠺᠼᠢᠨ ᠢ ᠳᠠᠷᠢᠭᠤᠯᠤᠭᠰᠠᠨ ᠪᠠᠶᠢᠪᠠᠯ᠂ ᠬᠤᠵᠢᠮ ᠨᠥᠬᠦᠴᠡᠯ ᠲᠠᠢ ᠪᠣᠯ ᠪᠠᠰᠠ ᠶᠢᠰᠦᠨ ᠸᠠᠯᠤᠨ᠋ᠲ ᠤᠨ HPV ᠸᠠᠺᠼᠢᠨ ᠢ ᠨᠥᠬᠦᠵᠦ ᠳᠠᠷᠢᠵᠤ ᠪᠣᠯᠤᠨ᠎ᠠ  ᠭᠡᠯ᠎ᠡ᠃
ᠢᠷᠡᠯᠲᠡ᠄ ᠠᠷᠠᠳ ᠤᠨ ᠰᠦᠯᠵᠢᠶ᠎ᠡ