ᠵᠣᠬᠢᠶᠠᠭᠴᠢ᠄ ᠬᠦᠩᠭᠠᠷ | | ᠦᠨᠦᠰᠴᠦ ᠮᠠᠨ ᠢ ᠪᠠᠨ ᠬᠠᠶᠢᠷᠠᠯᠠᠭᠠ ᠦᠭᠡᠢ ᠴᠤ | ᠦᠰᠦᠭ ᠪᠢᠴᠢᠭ ᠢᠶᠠᠷ ᠢᠶᠠᠨ ᠢᠵᠢᠯᠢᠰᠢᠬᠦᠯᠵᠦ ᠪᠠᠶᠢᠭᠰᠠᠨ | ᠦᠯᠦᠭᠡᠢ ᠳᠡᠭᠡᠨ ᠪᠢᠳᠠᠨ ᠢ ᠪᠦᠪᠠᠶᠢᠯᠡᠭᠡ ᠦᠭᠡᠢ ᠴᠤ | ᠦᠷᠦᠴᠡᠨ ᠤ ᠬᠠᠶᠢᠷ᠎ᠠ ᠪᠠᠷ ᠢᠶᠠᠨ ᠲᠤᠯᠠᠭᠠᠯᠠᠵᠤ ᠪᠠᠶᠢᠭᠰᠠᠨ ᠠᠴᠠ | ᠪᠠᠭᠰᠢ ᠮᠢᠨᠢ ᠲᠠ ᠪᠤᠯ — | ᠴᠡᠴᠡᠭᠡᠰ ᠢ ᠤᠮᠳᠠᠯᠠᠳᠠᠭ ᠬᠤᠷ᠎ᠠ ᠰᠢᠭ ᠬᠦᠮᠦᠨ | ᠴᠡᠯᠡᠭᠡᠷ ᠬᠤᠷᠸ᠎ᠠ ᠳᠠᠬᠢ ᠡᠵᠡᠨ ᠰᠢᠭ ᠬᠦᠮᠦᠨ︕ | ᠬᠠᠯᠠᠭᠤᠨ ᠦᠷᠬᠦᠭᠡ ᠳᠡᠭᠡᠨ ᠰᠠᠭᠠᠳᠠᠭᠤᠯᠤᠭᠠ ᠦᠭᠡᠢ ᠴᠤ | ᠬᠠᠶᠢᠷ᠎ᠠ ᠶᠢᠨ ᠭᠡᠰᠢᠭ ᠢᠶᠠᠷ ᠢᠶᠠᠨ ᠵᠤᠴᠢᠯᠠᠵᠤ ᠪᠠᠶᠢᠭᠰᠠᠨ | ᠬᠠᠨᠠᠳᠤ ᠭᠡᠷ ᠲᠡᠭᠡᠨ ᠤᠭᠳᠤᠭᠠ ᠦᠭᠡᠢ ᠴᠤ | ᠬᠠᠷᠠᠭ᠎ᠠ ᠰᠤᠨᠤᠷ ᠢ ᠮᠢᠨᠢ ᠲᠡᠯᠡᠵᠦ ᠪᠠᠶᠢᠭᠰᠠᠨ ᠠᠴᠠ | ᠪᠠᠭᠰᠢ ᠮᠢᠨᠢ ᠲᠠ ᠪᠤᠯ — | ᠰᠡᠳᠭᠢᠯ ᠢᠶᠠᠷ ᠰᠡᠳᠭᠢᠯ ᠢ ᠰᠦᠯᠡᠭᠰᠡᠨ ᠬᠦᠮᠦᠨ | ᠰᠦᠮᠪᠦᠷ ᠠᠭᠤᠯᠠ ᠰᠢᠭ ᠠᠴᠢᠳᠠᠨ ᠬᠦᠮᠦᠨ︕ | ᠬᠦᠮᠦᠨ ᠪᠤᠯᠬᠤ ᠤᠬᠠᠭᠠᠷᠠᠯ ᠤᠨ ᠵᠠᠮ ᠢᠶᠠᠷ | ᠬᠦᠯᠢᠴᠡᠩᠬᠦᠢ ᠤᠪᠤᠷ ᠢᠶᠠᠷ ᠲᠤᠳᠤᠮᠳᠠᠵᠤ ᠪᠠᠶᠢᠭᠰᠠᠨ | ᠬᠦᠯᠳᠡᠬᠦᠦ ᠪᠢᠳᠠᠭᠤ ᠶᠢ ᠮᠢᠨᠢ ᠤᠶᠠᠷᠠᠭᠤᠯᠵᠤ ᠦᠭᠬᠦ ᠪᠠᠷ | ᠬᠦᠷᠦᠰᠦᠳᠦ ᠲᠡᠯᠡᠬᠡᠢ ᠰᠢᠭ ᠲᠡᠳᠬᠦᠵᠦ ᠪᠠᠶᠢᠭᠰᠠᠨ ᠠᠴᠠ | ᠪᠠᠭᠰᠢ ᠮᠢᠨᠢ ᠲᠠ ᠪᠤᠯ — | ᠦᠵᠡᠮᠵᠢ ᠭᠤᠶᠤᠬᠠᠨ ᠨᠤᠳᠤᠭ ᠰᠢᠭ ᠬᠦᠮᠦᠨ | ᠦᠯᠡᠮᠵᠢ ᠪᠤᠶᠠᠨ ᠲᠠᠢ ᠲᠡᠭᠷᠢ ᠰᠢᠭ ᠬᠦᠮᠦᠨ︕ | ᠤᠤᠭᠠᠯ ᠰᠤᠶᠤᠯ ᠤᠨ ᠰᠠᠷᠠᠭᠤᠯᠬᠠᠨ ᠲᠠᠩᠬᠢᠮ ᠳᠠᠭᠠᠨ | ᠤᠴᠠᠷᠠᠯ ᠤᠨ ᠬᠤᠨ ᠰᠢᠭ ᠬᠤᠷᠠᠵᠤ ᠪᠠᠶᠢᠭᠰᠠᠨ ᠪᠢᠳᠠᠨ ᠢ | ᠤᠬᠠᠭᠠᠨ ᠮᠡᠳᠡᠯᠭᠡ ᠶᠢᠨ ᠤᠷᠬᠢᠯ ᠢ ᠠᠪᠠᠷᠢᠭᠤᠯᠬᠤ ᠪᠠᠷ | ᠤᠷᠳᠤ ᠶᠢᠨ ᠠᠶᠠᠨ ᠳᠤ ᠵᠦᠭᠯᠡᠬᠦᠯᠵᠦ ᠪᠠᠶᠢᠭᠰᠠᠨ ᠠᠴᠠ | ᠪᠠᠭᠰᠢ ᠮᠢᠨᠢ ᠲᠠ ᠪᠤᠯ — | ᠰᠤᠷᠤᠭᠴᠢ ᠪᠦᠬᠦᠳᠡ ᠳᠡᠭᠡᠨ ᠲᠤᠯᠢ ᠰᠢᠭ ᠬᠦᠮᠦᠨ | ᠰᠤᠶᠤᠯ ᠰᠤᠷᠭᠠᠯ ᠳᠠᠭᠠᠨ ᠵᠤᠯᠠ ᠰᠢᠭ ᠬᠦᠮᠦᠨ︕ | ᠬᠠᠶᠢᠷ᠎ᠠ ᠵᠦᠩᠨᠡᠯ ᠲᠠᠢ ᠰᠤᠷᠭᠠᠭᠤᠯᠢ ᠶᠢᠨ | ᠬᠦᠷᠢᠶᠡᠨ ᠳᠡᠭᠡᠨ | ᠬᠠᠪᠤᠷ ᠤᠨ ᠰᠢᠪᠠᠭᠤᠳ ᠰᠢᠭ ᠱᠤᠯᠤᠭᠠᠨᠠᠵᠤ ᠪᠠᠶᠢᠭᠰᠠᠨ ᠪᠢᠳᠠᠨ ᠢ | ᠬᠠᠨ ᠤ ᠮᠡᠳᠡᠯᠭᠡ ᠪᠠᠷ ᠤᠶᠤᠨ ᠢ ᠨᠢ ᠴᠢᠮᠡᠭᠯᠡᠬᠦ ᠪᠠᠷ | ᠬᠠᠷᠢ ᠶᠢᠨ ᠬᠠᠷᠢ ᠳᠤ ᠮᠤᠷᠳᠠᠭᠤᠯᠵᠤ ᠪᠠᠶᠢᠭᠰᠠᠨ ᠠᠴᠠ | ᠪᠠᠭᠰᠢ ᠮᠢᠨᠢ ᠲᠠ ᠪᠤᠯ — | ᠬᠦᠮᠦᠨ ᠢᠶᠠᠷ ᠬᠦᠮᠦᠨ ᠢ ᠬᠦᠮᠦᠵᠢᠬᠦᠯᠦ᠋ᠭᠰᠡᠨ ᠬᠦᠮᠦᠨ | ᠬᠦᠰᠡᠯ ᠢᠳᠡᠭᠡᠯ ᠤᠨ ᠵᠢᠳᠬᠦᠯᠳᠡᠨ ᠬᠦᠮᠦᠨ︕ | ᠠᠷᠢᠭᠤᠨ ᠡᠷᠳᠡᠮ ᠤᠨ ᠰᠢᠮ᠎ᠠ ᠶᠢ ᠬᠦᠷᠳᠡᠭᠡᠭᠡᠳ | ᠠᠯᠤᠰ ᠤᠨ ᠠᠯᠤᠰ ᠵᠦᠭ ᠲᠡᠮᠡᠦᠯᠤᠬᠦᠯᠵᠦ ᠪᠠᠶᠢᠭᠰᠠᠨ ᠪᠢᠳᠠᠨ ᠢ | ᠠᠬᠢᠭᠠᠳ ᠠᠭᠤᠯᠵᠠᠬᠤ ᠢᠷᠤᠭᠡᠯ ᠢᠶᠠᠨ ᠲᠡᠭᠡᠳᠦᠯᠡᠭᠡᠳ | ᠠᠰᠠᠷ ᠦᠢᠯᠡᠰ ᠢ ᠨᠢ ᠮᠦᠷᠦᠯᠡᠬᠦᠯᠵᠦ ᠪᠠᠶᠢᠭᠰᠠᠨ ᠠᠴᠠ | ᠪᠠᠭᠰᠢ ᠮᠢᠨᠢ ᠲᠠ ᠪᠤᠯ — | ᠠᠯᠳᠠᠨ ᠲᠡᠯᠡᠭᠡᠢ ᠰᠢᠭ ᠠᠭᠤᠤ ᠬᠦᠮᠦᠨ | ᠠᠷᠠᠳ ᠤᠨ ᠦᠷᠡᠰ ᠲᠡᠭᠡᠨ ᠨᠠᠷᠠ ᠰᠢᠭ ᠬᠦᠮᠦᠨ︕ | ᠡᠭᠡᠯ ᠵᠢᠷ ᠤᠨ ᠠᠵᠢᠯ ᠤᠨ ᠹᠷᠤᠠᠲ ᠲᠡᠭᠡᠷ᠎ᠡ ᠪᠠᠨ | ᠡᠷᠳᠡᠮ ᠢᠶᠠᠨ ᠶᠡᠭᠦᠯᠡᠭᠰᠡᠨ ᠬᠦᠮᠦᠨ | ᠡᠷᠡᠬᠦᠯ ᠰᠠᠷᠠᠭᠤᠯ ᠪᠢᠯᠢᠭ ᠤᠨ ᠰᠠᠩ ᠲᠡᠭᠡᠷ᠎ᠡ | ᠶᠢᠷᠳᠢᠨᠴᠤ ᠶᠢᠨ ᠱᠤᠩᠭᠤᠯ ᠢ ᠭᠠᠷᠳᠠᠭᠤᠯᠵᠤ ᠪᠠᠶᠢᠭᠰᠠᠨ ᠠᠴᠠ | ᠪᠠᠭᠰᠢ ᠮᠢᠨᠢ ᠲᠠ ᠪᠤᠯ — | ᠰᠤᠷᠤᠭᠴᠢ ᠪᠠᠨ ᠦᠷ᠎ᠠ ᠪᠠᠨ ᠰᠢᠭ ᠬᠠᠶᠢᠷᠠᠯᠠᠳᠠᠭ ᠬᠦᠮᠦᠨ | ᠰᠤᠷᠭᠠᠭᠤᠯᠢ ᠪᠠᠨ ᠭᠡᠷ ᠢᠶᠠᠨ ᠰᠢᠭ ᠰᠠᠨᠠᠳᠠᠭ ᠬᠦᠮᠦᠨ︕ | ᠪᠤᠭᠤᠷᠤᠯᠳᠤᠭᠰᠠᠨ ᠭᠡᠵᠢᠭᠡᠨ ᠤ ᠪᠠᠨ ᠰᠢᠷᠭᠡᠭ ᠦᠰᠦ ᠪᠠᠷ | ᠪᠤᠯᠪᠠᠰᠤᠨ ᠢ ᠰᠤᠷᠳᠠᠯᠴᠢᠯᠠᠭᠰᠠᠨ ᠡᠷᠬᠢᠮ ᠬᠦᠮᠦᠨ | ᠪᠤᠳᠠᠷᠠᠭᠰᠠᠨ ᠤ ᠶᠢᠨ ᠨᠤᠠᠳᠠᠭ ᠲᠤᠭᠤᠰᠤ ᠪᠠᠷ | ᠪᠤᠮᠠᠨ ᠡᠷᠳᠡᠨᠢ ᠶᠢ ᠲᠡᠯᠭᠡᠷᠡᠬᠦᠯᠵᠦ ᠪᠠᠶᠢᠭᠰᠠᠨ ᠠᠴᠠ | ᠪᠠᠭᠰᠢ ᠮᠢᠨᠢ ᠲᠠ ᠪᠤᠯ — | ᠤᠷᠴᠢᠯᠠᠩ ᠤᠨ ᠤᠳᠤᠳ ᠰᠢᠭ ᠰᠤᠷᠤᠭᠴᠢ ᠲᠠᠢ ᠬᠦᠮᠦᠨ | ᠤᠩᠭᠤᠨ ᠪᠠᠶᠢᠭᠠᠯᠢ ᠰᠢᠭ ᠲᠠᠩᠰᠤᠭ ᠬᠦᠮᠦᠨ︕ | | | | |