168 ᠰᠢᠨ᠎ᠡ ᠠᠵᠢᠯ ᠲᠥᠷᠥᠯ ᠨᠡᠮᠡᠭᠳᠡᠯ᠎ᠡ
ᠨᠡᠶᠢᠲᠡᠯᠡᠭᠰᠡᠨ ᠴᠠᠭ᠄
2022/9/30
        ᠬᠥᠮᠦᠨ ᠤ ᠨᠥᠭᠡᠴᠡ ᠪᠣᠯᠤᠨ ᠨᠡᠶᠢᠭᠡᠮ ᠤᠨ ᠪᠠᠲᠤᠯᠠᠭᠠᠨ ᠤ ᠶᠠᠮᠤᠨ  9  ᠰᠠᠷ᠎ᠠ ᠶᠢᠨ  27 ᠤ  ᠡᠳᠦᠷ᠂  ᠰᠢᠨ᠎ᠡ ᠪᠡᠷ‌ᠵᠠᠰᠠᠪᠤᠷᠢ ᠣᠷᠣᠭᠤᠯᠤᠭᠰᠠᠨ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠵᠢᠯ ᠮᠡᠷᠭᠡᠵᠢᠯ ᠤᠨ ᠠᠩᠭᠢᠯᠠᠯ ᠤᠨ ᠶᠡᠭᠡ‌‍ᠲ᠋ᠣᠯᠢ︾ ᠶᠢ ᠨᠡᠶᠢᠭᠡᠮ ᠨᠡᠶᠢᠲᠡ ᠳᠤ ᠠᠯᠪᠠᠨ ᠶᠣᠰᠣᠭᠠᠷ ᠨᠡᠶᠢᠲᠡᠯᠡᠵᠡᠶ᠃ ᠬᠥᠮᠦᠨ ᠤ ᠨᠥᠭᠡᠴᠡ ᠪᠣᠯᠣᠨ ᠨᠡᠶᠢᠭᠡᠮ ᠤᠨ ᠪᠠᠲᠤᠯᠠᠭᠠᠨ ‍ᠣ‌‍ᠶᠠᠮᠤᠨ ᠤ ᠠᠵᠢᠯ ᠮᠡᠷᠭᠡᠵᠢᠯ ᠤᠨ ᠴᠢᠳᠠᠪᠤᠷᠢ ᠶᠢᠨ ᠪᠠᠶᠢᠭᠤᠯᠤᠯᠲᠠ ᠶᠢᠨ ᠵᠤᠷᠭᠠᠨ ᠤ ᠠᠵᠢᠯ ᠮᠡᠷᠭᠡᠵᠢᠯ ᠤᠨ  ᠤᠷ᠎ᠠ  ᠴᠢᠳᠠᠪᠤᠷᠢ ᠵᠢᠨ‌‍ᠬᠢᠷᠢ ᠬᠡᠮ ᠤᠨ ᠭᠠᠵᠠᠷ ᠤᠨ ᠳᠠᠷᠤᠭ᠎ᠠ ᠯᠢ ᡁᠢ ᠮᠢᠨ ᠬᠡᠯᠡᠬᠦ ᠳᠡᠭᠡᠨ᠄ ᠪᠣᠬᠢᠷᠲᠤᠯ ᠥᠬᠡᠶ ᠠᠵᠢᠯ ᠮᠡᠷᠭᠡᠵᠢᠯ ᠤᠨ  ᠬᠥᠭᠵᠢᠯᠲᠡ ᠵᠢᠨ‌‍ᠪᠠᠶᠢᠳᠠᠯ ᠲᠠᠢ  ᠤᠶᠠᠯᠳᠤᠭᠤᠯᠤᠨ᠂  ᠨᠡᠭᠦᠷᠡᠰᠦᠲᠥ᠋ᠷᠥᠭᠴᠢ  ᠭᠠᠳᠠᠭᠰᠢᠯᠠᠭᠤᠯᠬᠤ  ᠬᠡᠮᠵᠢᠯᠲᠡ ᠶᠢᠨ  ᠦᠨᠡᠯᠡᠨ  ᠵᠢᠱᠢᠭᠴᠢ   ᠵᠡᠷᠭᠡ‌‍ᠰᠢᠨ᠎ᠡ ᠪᠠᠷ ᠪᠣᠶ ᠪᠣᠯᠤᠭᠰᠠᠨ  ᠠᠵᠢᠯ  ᠮᠡᠷᠭᠡᠵᠢᠯ ᠢ  ᠶᠡᠭᠡ  ᠲᠣᠯᠢ ᠳᠤ  ᠣᠷᠣᠭᠤᠯᠵᠤ᠂  ᠲᠣᠭᠠᠴᠢᠯᠠᠭᠰᠠᠨ  ᠠᠵᠤ  ᠠᠬᠤᠶ ᠵᠢᠨ‌‍ᠬᠥ᠋ᠭᠵᠢᠯᠲᠡ ᠶᠢᠨ ᠬᠡᠷᠡᠭᠴᠡᠭᠡ ᠳᠤ ᠵᠣᠬᠢᠴᠠᠭᠤᠯᠬᠤ ᠶᠢᠨ ᠲᠥᠯᠥᠭᠡ᠂ ᠠᠩᠬ᠎ᠠ ᠤᠳᠠᠭ᠎ᠠ ᠶᠡᠭᠡ ᠲᠣᠯᠢ ᠳᠤ ᠲᠣᠭᠠᠴᠢᠯᠠᠭᠰᠠᠨ  ᠠᠵᠢᠯ‌ᠮᠡᠷᠭᠡᠵᠢᠯ ᠢ ᠨᠡᠮᠡᠪᠡ ᠭᠡᠵᠡᠢ᠃                                        ᠡᠭᠦᠨ ᠠᠴᠠ ᠭᠠᠳᠠᠨ᠎ᠠ᠂ ᠲᠣᠰ ᠤᠳᠠᠭ᠎ᠠ ᠵᠠᠰᠠᠪᠤᠷᠢ ᠣᠷᠣᠭᠤᠯᠬᠤ ᠳᠠᠭᠠᠨ ᠣᠶᠢᠷ᠎ᠠ ᠶᠢᠨ ᠵᠢᠯ ᠳᠤ ᠨᠡᠶᠢᠲᠡᠯᠡᠭᠰᠡᠨ ᠰᠢᠨ᠎ᠡ‌ᠠᠵᠢᠯ ᠮᠡᠷᠭᠡᠵᠢᠯ ᠤᠨ ᠮᠡᠳᠡᠭᠡ ᠵᠠᠩᠭᠢ ᠶᠢ ᠶᠡᠭᠡ ᠲᠣᠯᠢ ᠳᠤ ᠣᠷᠣᠭᠤᠯᠵᠤ᠂  ᠬᠡᠰᠡᠭ  ᠠᠵᠢᠯ  ᠮᠡᠷᠭᠡᠵᠢᠯ ᠢ  ᠲᠥᠷᠦᠯ  ᠬᠤᠪᠢᠶᠠᠨ‌‍ᠰᠢᠯᠢᠳᠡᠭᠵᠢᠭᠦᠯᠦᠨ ᠲᠣᠬᠢᠷᠠᠭᠤᠯᠵᠤ᠂ ᠦᠢᠯᠡᠳᠦᠨ ᠪᠦᠲᠦᠭᠡᠬᠦ ᠦᠢᠯᠡᠰ ᠤᠨ ᠬᠦᠴᠦᠷᠬᠡᠭ ᠤᠯᠤᠰ᠂  ᠲᠣᠭᠠᠴᠢᠯᠠᠭᠰᠠᠨ  ᠳᠤᠮᠳᠠᠳᠤ‌ᠤᠯᠤᠰ ᠢ ᠪᠥᠲᠥᠭᠡᠨ ᠪᠠᠶᠢᠭᠤᠯᠬᠤ᠂ ᠪᠣᠬᠢᠷᠲᠤᠯ ᠥᠬᠡᠶ ᠠᠵᠤ ᠠᠬᠤᠶ ᠶᠢ ᠬᠥᠭᠵᠢᠭᠦᠯᠬᠦ ᠪᠠ  ᠬᠠᠤᠯᠢ  ᠶᠣᠰᠣᠭᠠᠷ  ᠤᠯᠤᠰ ᠵᠶ᠋ᠠᠨ‌ᠵᠠᠰᠠᠬᠤ ᠵᠡᠷᠭᠡ ᠱᠠᠭᠠᠷᠳᠠᠯᠭ᠎ᠠ ᠶᠢᠨ ᠲᠣᠭᠤᠷᠢᠨ ᠳᠤ᠂ ᠬᠤᠯᠪᠣᠭᠳᠠᠯ ᠪᠥᠬᠦᠶ  ᠳᠤᠮᠳᠠ  ᠲᠥᠷᠥᠯ᠂  ᠪᠠᠭ᠎ᠠ  ᠲᠥᠷᠥᠯ  ᠪᠠ  ᠠᠵᠢᠯ‌ᠮᠡᠷᠭᠡᠵᠢᠯ ᠢ ᠲᠤᠰᠬᠠᠶᠢᠯᠠᠨ ᠨᠡᠮᠡᠵᠦ ᠲᠣᠬᠢᠷᠠᠭᠤᠯᠤᠭᠰᠠᠨ ᠪᠠᠶᠢᠨ᠎ᠠ᠃ ᠲᠣᠰ ᠤᠳᠠᠭ᠎ᠠ ᠵᠠᠰᠠᠪᠤᠷᠢ ᠣᠷᠣᠭᠤᠯᠬᠤ ᠳᠤ ᠨᠡᠶᠢᠲᠡ 168ᠠᠵᠢᠯ ᠮᠡᠷᠭᠡᠵᠢᠯ ᠢ ᠨᠡᠮᠡᠵᠦ᠂ 10 ᠠᠵᠢᠯ ᠮᠡᠷᠭᠡᠵᠢᠯ ᠢ ᠬᠦᠴᠦᠨ ᠥᠬᠡᠶ  ᠪᠣᠯᠭᠠᠵᠤ᠂  ᠰᠢᠨ᠎ᠡ ᠪᠠᠷ  158  ᠠᠵᠢᠯ  ᠮᠡᠷᠭᠡᠵᠢᠯ‌ᠨᠡᠮᠡᠭᠳᠡᠭᠰᠡᠨ ᠪᠠᠶᠢᠨ᠎ᠠ᠃ ᠲᠣᠬᠢᠷᠠᠭᠤᠯᠤᠯᠲᠠ ᠬᠢᠭᠰᠡᠨ ᠤ ᠳᠠᠷᠠᠭ᠎ᠠ᠂ 2022  ᠣᠨ ᠤ  ᠬᠡᠪᠯᠡᠯ ᠤᠨ  ᠶᠡᠭᠡ  ᠲᠣᠯᠢ ᠳᠤ  ᠠᠵᠢᠯ‌ᠮᠡᠷᠭᠡᠵᠢᠯ ᠢ 8 ᠶᠡᠭᠡ ᠲᠥᠷᠥᠯ᠂ ᠨᠡᠶᠢᠲᠡ 1639 ᠠᠵᠢᠯ ᠮᠡᠷᠭᠡᠵᠢᠯ ᠳᠤ ᠠᠩᠭᠢᠯᠠᠵᠠᠶ᠃
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ