ᠤᠳᠤᠭ ᠬᠤᠰᠢᠭᠤ ᠴᠠᠬᠢᠯᠭᠠᠨ ᠬᠤᠯᠪᠣᠭ᠎ᠠ ᠰᠦᠯᠵᠢᠶ᠎ᠠ ᠪᠠᠷ ᠮᠡᠬᠡᠯᠡᠭᠰᠡᠨ ᠨᠢᠭᠡᠨ ᠬᠡᠷᠡᠭ ᠢ ᠯᠡᠪᠡᠷᠡᠭᠦᠯᠤᠯ᠎ᠠ
ᠨᠡᠶᠢᠲᠡᠯᠡᠭᠰᠡᠨ ᠴᠠᠭ᠄
2022/9/20
        9 ᠰᠠᠷ᠎ᠠ ᠶᠢᠨ 4 ᠤ ᠡᠳᠦᠷ᠂ ᠣᠲᠤᠭ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠬᠡᠷᠡᠭ ᠲᠤ ᠬᠤᠯᠪᠣᠭᠳᠠᠭᠰᠠᠨ ᠵᠣᠭᠤᠰ ᠤᠨ ᠲᠤᠭ᠎ᠠ ᠨᠢ 41 ᠲᠦᠮᠡ ᠭᠠᠷᠤᠶ ᠲᠥᠭᠦᠷᠢᠭ ᠲᠤ ᠭᠦᠷᠦᠭᠰᠡᠨ ᠴᠠᠬᠢᠯᠭᠠᠨ ᠬᠤᠯᠪᠣᠭ᠎ᠠ ᠰᠦᠯᠵᠢᠶ᠎ᠡ ᠪᠠᠷ ᠮᠡᠬᠡᠯᠡᠭᠰᠡᠨ ᠨᠢᠭᠡᠨ ᠬᠡᠷᠡᠭ ᠢ ᠠᠮᠵᠢᠯᠲᠠ ᠲᠠᠢ ᠯᠡᠪᠡᠷᠡᠭᠦᠯᠵᠦ᠂ ᠮᠤᠵᠢ ᠠᠯᠤᠰᠯᠠᠨ 3 ᠬᠡᠷᠡᠭ ᠤᠨ ᠰᠡᠵᠢᠭᠳᠡᠨ ᠢ ᠪᠠᠷᠢᠪᠴᠢᠯᠠᠵᠤ᠂ ᠠᠷᠠᠳ ᠣᠯᠠᠨ ᠤ ᠡᠳ᠋ ᠬᠥᠷᠥᠩᠭᠡ ᠶᠢᠨ ᠠᠮᠤᠷ ᠲᠦᠪᠰᠢᠨ ᠢ ᠬᠠᠮᠠᠭᠠᠯᠠᠪᠠ᠃            2022 ᠣᠨ ᠤ 8 ᠰᠠᠷ᠎ᠠ ᠶᠢᠨ 15 ᠤ ᠦᠳᠡ ᠶᠢᠨ ᠡᠮᠦᠨᠡᠬᠢ 9 ᠴᠠᠭ ᠲᠤ᠂ ᠣᠲᠤᠭ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠡᠷᠡᠭᠦᠤ ᠶᠢᠨ ᠬᠡᠷᠡᠭ ᠢ ᠲᠠᠩᠨᠠᠨ ᠪᠠᠶᠢᠴᠠᠭᠠᠬᠤ ᠶᠡᠭᠡ ᠠᠩᠭᠢ ᠶᠢᠨ ᠮᠡᠬᠡᠯᠡᠯ ᠢ ᠡᠰᠡᠷᠭᠦᠴᠡᠬᠦ ᠳᠤᠮᠳᠠ ᠠᠩᠭᠢ ᠳᠤ ᠯᠢᠦ ᠣᠪᠣᠭᠲᠤ ᠤᠳᠠᠰᠤ ᠢᠷᠡᠭᠦᠯᠵᠤ ᠭᠡᠷᠡᠭ ᠮᠡᠳᠡᠬᠦᠯᠪᠡ᠃ 2022 ᠣᠨ ᠤ 8 ᠰᠠᠷ᠎ᠠ ᠶᠢᠨ 14 ᠤ ᠡᠳᠦᠷ ᠤᠨ 15 ᠴᠠᠭ 13 ᠮᠢᠨᠦ᠋ᠲ ᠤᠨ ᠠᠯᠳᠠᠰ ᠢᠶᠠᠷ ᠲᠡᠷᠡ ᠣᠲᠤᠭ ᠬᠤᠰᠢᠭᠤᠨ ᠤ ᠤᠯᠠᠭᠠᠨᠪᠠᠯᠭᠠᠰᠤᠨ ᠤ ᠬᠤᠶᠠᠳᠤᠭᠠᠷ ᠰᠠᠭᠤᠭᠠᠯᠢ ᠠᠷᠠᠳ ᠤᠨ ᠵᠥᠪᠯᠡᠯ ᠤᠨ ᠬᠡᠷ ᠲᠡᠭᠡᠨ ᠨᠢᠭᠡᠨ ᠲᠠᠨᠢᠯ ᠪᠤᠰᠤ ᠤᠲᠠᠰᠤ ᠶᠢ ᠲᠤᠰᠴᠠᠢ᠃ ᠨᠥᠭᠦᠭᠡ ᠡᠲᠡᠭᠡᠳ ᠨᠢ ᠲᠡᠬᠦᠨ ᠳᠤ ᠥᠪᠡᠷ ᠢ ᠪᠠᠨ ᠳᠡᠮᠡᠭᠡᠳᠤ ᠬᠤᠲᠠ ᠶᠢᠨ ᠡᠷᠡᠭᠦᠤ ᠶᠢᠨ ᠬᠡᠷᠡᠭ ᠢ ᠲᠠᠩᠨᠠᠨ ᠪᠠᠶᠢᠴᠠᠭᠠᠬᠤ ᠶᠡᠭᠡ ᠠᠩᠭᠢ ᠶᠢᠨ ᠴᠠᠭᠳᠠᠭ᠎ᠠ ᠭᠡᠮᠡᠨ ᠬᠡᠯᠡᠵᠤ᠂ ᠪᠡᠶ᠎ᠡ ᠶᠢᠨ ᠦᠨᠡᠮᠯᠡᠯ ᠤᠨ ᠨᠣᠮᠧᠷ ᠢ ᠴᠢᠨᠢ ︽ᠵᠠᠩ ᡁᠢ︾ ᠭᠡᠳᠡᠭ ᠬᠡᠷᠡᠭ ᠤᠨ ᠰᠡᠵᠢᠭᠳᠡᠨ ᠬᠡᠷᠡᠭᠯᠡᠭᠡᠳ ᠬᠡᠷᠡᠭ ᠤᠨ ᠰᠢᠨᠵᠢ ᠴᠢᠨᠠᠷ ᠨᠢ ᠨᠡᠯᠢᠶᠡᠳ ᠬᠦᠨᠳᠦ ᠨᠣᠴᠢᠲᠠᠶ᠂ ᠤᠯᠤᠰ ᠤᠨ ᠨᠢᠭᠤᠴᠠ ᠳᠤ ᠬᠤᠯᠪᠤᠬᠳᠠᠬᠤ ᠬᠡᠷᠡᠭ ᠲᠤ ᠬᠠᠷᠢᠶᠠᠯᠠᠭᠳᠠᠨ᠎ᠠ ᠭᠡᠵᠡᠶ᠃ ᠯᠢᠦ ᠣᠪᠣᠭᠲᠤ ᠨᠥᠭᠦᠭᠡ ᠡᠲᠡᠭᠡᠳ ᠤᠨ ᠥ‌‍ᠳᠡᠭᠡᠯᠭᠡ ᠪᠠᠷ ᠭᠤᠷᠪᠠᠨ QQ ᠨᠣᠮᠧᠷ ᠢ ᠵᠠᠯᠭᠠᠬᠰᠠᠨ ᠤ ᠲᠠᠷᠠᠭ᠎ᠠ ᠲᠡᠬᠦᠨ ᠤ ᠲᠤᠳᠤᠷᠠᠬᠢ ᠨᠢᠭᠡ QQ ᠨᠣᠮᠧᠷ ᠢᠶᠠᠷ ︽Teams︾ ᠭᠡᠬᠦ APP ᠶᠢ ᠪᠠᠭᠤᠯᠭᠠᠨ ᠠᠪᠬᠤ ᠴᠥᠷᠬᠡᠯᠡᠭᠡ ᠤᠷᠤᠵᠤ ᠢᠷᠠᠵᠠᠢ ᠃ ᠯᠢᠤ ᠤᠪᠤᠭᠳᠤ ᠳᠤᠪᠴᠢᠳᠠᠵᠤ ᠪᠠᠭᠤᠯᠭᠠᠭᠰᠠᠨ ᠤ ᠳᠠᠷᠠᠭ᠎ᠠ ᠬᠤᠷᠠᠯ ᠳᠤ ᠣᠷᠣᠯᠴᠠᠬᠤ ᠴᠣᠩᠬᠤᠪᠴᠢ ᠰᠢᠭᠤᠳ ᠢᠯᠡᠷᠡᠵᠤ᠂ ᠲᠤᠪᠴᠢᠳᠠᠵᠤ ᠤᠷᠤᠬᠰᠠᠨ ᠳᠤ ᠳᠤᠳᠤᠷ᠎ᠠ ᠨᠢ ᠬᠡᠳᠦᠨ ᠬᠥᠮᠦᠨ ᠵᠣᠭᠤᠭᠳᠠᠵᠤ ᠪᠠᠶᠢᠪᠠ᠂ ᠨᠥᠭᠦᠭᠡ ᠡᠲᠡᠭᠡᠳ ᠨᠢ ᠯᠢᠦ ᠣᠪᠣᠭᠲᠤ ᠨᠠᠮ ᠤᠨ ᠭᠡᠰᠢᠭᠦᠨ ᠭᠡᠰᠡᠨ ᠢ ᠮᠡᠳᠡᠵᠦ᠂ ᠬᠡᠷᠡᠭ ᠤᠨ ᠨᠢᠭᠤᠴᠠ ᠶᠢ ᠬᠠᠮᠠᠭᠠᠯᠠᠬᠤ ᠶᠢ ᠱᠠᠭᠠᠷᠳᠠᠬᠰᠠᠨ ᠤ ᠬᠠᠮᠲᠤ ᠭᠠᠷ ᠤᠳᠠᠰᠤᠨ ᠳᠡᠯᠭᠡᠴᠡ ᠶᠢᠨ ᠬᠠᠮᠲᠤ ᠡᠳ᠋ᠯᠡᠬᠦ ᠴᠢᠳᠠᠮᠵᠢ ᠶᠢ ᠨᠡᠭᠡᠭᠡᠵᠤ᠂ ᠨᠥᠭᠦᠭᠡ ᠡᠲᠡᠭᠡᠳ ᠤᠨ ᠪᠠᠶᠢᠴᠠᠭᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠬᠦ ᠬᠡᠷᠡᠭᠲᠡᠶ ᠭᠡᠵᠦ ᠱᠠᠭᠠᠷᠳᠠᠪᠠ᠃ ᠯᠢᠦ ᠣᠪᠣᠭᠲᠤ ᠦᠨᠡᠨ ᠬᠦ ᠢᠳᠡᠭᠡᠭᠡᠳ ᠨᠥᠭᠦᠭᠡ ᠡᠲᠡᠭᠡᠳ ᠤᠨ ᠰᠠᠨᠠᠭᠤᠯᠭ᠎ᠠ ᠪᠠᠷ ᠭᠥᠢᠴᠡᠳᠬᠡᠵᠤ᠂ ᠨᠥᠭᠦᠭᠡ ᠡᠲᠡᠭᠡᠳ ᠲᠤ 8 ᠤᠳᠠᠭ᠎ᠠ ᠵᠣᠭᠤᠰ ᠰᠢᠯᠵᠢᠭᠦᠯᠤᠨ ᠥᠭᠴᠤ᠂ 2022 ᠣᠨ ᠤ 8 ᠰᠠᠷ᠎ᠠ ᠶᠢᠨ 14 ᠤ ᠡᠳᠦᠷ ᠤᠨ 15 ᠴᠠᠭ 13 ᠮᠢᠨᠦ᠋ᠲ ᠠᠴᠠ 20 ᠴᠠᠭ 28 ᠮᠢᠨᠦ᠋ᠲ ᠤᠨ ᠬᠤᠭᠤᠷᠣᠨᠳᠣ ᠨᠡᠶᠢᠲᠡ 414000 ᠲᠥᠭᠦᠷᠢᠭ ᠢᠶᠠᠨ ᠠᠯᠳᠠᠬᠰᠠᠨ ᠪᠠᠶᠢᠨ᠎ᠠ᠃            ᠬᠡᠷᠡᠭ ᠤᠨ ᠮᠡᠳᠡᠭᠦᠯᠦᠯᠲᠡ ᠶᠢ ᠣᠯᠤᠭᠰᠠᠨ ᠤ ᠳᠠᠷᠠᠭ᠎ᠠ᠂ ᠮᠡᠬᠡᠯᠡᠯ ᠢ ᠡᠰᠡᠷᠭᠦᠴᠡᠬᠦ ᠳᠤᠮᠳᠠ ᠠᠩᠭᠢ ᠶᠢᠨ ᠬᠡᠷᠡᠭ ᠰᠢᠢᠳᠪᠦᠷᠢᠯᠡᠬᠦ ᠴᠠᠭᠳᠠᠭ᠎ᠠ ᠲᠡᠷᠡ ᠳᠠᠷᠤᠶ ᠳᠤᠨᠢ ᠵᠣᠭᠤᠰ ᠥᠭᠬᠦ ᠶᠢ ᠪᠠᠴᠢᠮ ᠵᠣᠭᠰᠣᠭᠠᠬᠤ ᠠᠵᠢᠯ ᠢ ᠡᠬᠢᠯᠡᠭᠦᠯᠵᠦ᠂ ᠬᠡᠷᠡᠭ ᠲᠤ ᠬᠤᠯᠪᠣᠭᠳᠠᠭᠰᠠᠨ 12000 ᠲᠥᠭᠦᠷᠢᠭ ᠤᠨ ᠪᠠᠯᠠ ᠮᠥᠩᠭᠦ ᠶᠢ ᠬᠠᠮᠤᠭ ᠤᠨ ᠲᠦᠷᠦᠭᠦᠨ ᠳᠤ ᠠᠮᠵᠢᠯᠲᠠ ᠲᠠᠢ ᠵᠣᠭᠰᠣᠭᠠᠭᠰᠠᠨ ᠪᠥᠭᠡᠳ ᠮᠡᠬᠡᠯᠡᠯ ᠳᠤ ᠬᠤᠯᠪᠣᠭᠳᠠᠭᠰᠠᠨ 8 ᠪᠠᠩᠬᠢ ᠶᠢᠨ ᠲᠠᠩᠰᠠᠨ ᠡᠷᠦᠬᠡ ᠶᠢ ᠪᠠᠶᠢᠴᠠᠭᠠᠨ᠂ ᠨᠢᠭᠡᠨᠲᠡ ᠰᠢᠯᠵᠢᠭᠦᠯᠥᠭᠰᠡᠨ ᠬᠡᠷᠡᠭ ᠲᠤ ᠬᠤᠯᠪᠣᠭᠳᠠᠭᠰᠠᠨ ᠪᠠᠯᠠ ᠮᠥᠩᠭᠦ ᠶᠢ ᠴᠠᠭᠳᠠᠭ᠎ᠠ ᠨᠠᠷ ᠪᠠᠶᠢᠴᠠᠭᠠᠨ ᠵᠠᠳᠠᠯᠵᠤ᠂ ᠺᠠᠷᠲ ᠢᠶᠠᠷ ᠪᠡᠯᠡᠨ ᠵᠣᠭᠤᠰ ᠭᠠᠷᠭᠠᠵᠤ ᠠᠪᠤᠭᠰᠠᠨ ᠰᠡᠵᠢᠭᠯᠡᠯᠲᠡᠶ ᠡᠲᠡᠭᠡᠳ ᠤᠨ ᠵᠢᠶᠠᠩᠰᠢ ᠮᠤᠵᠢ ᠳᠠᠬᠢ ᠰᠤᠷᠠᠭ ᠢ ᠳᠣᠲᠣᠯᠠᠪᠠ᠃ ᠡᠨᠡ ᠬᠦ ᠮᠡᠳᠡᠭᠡ ᠵᠠᠩᠭᠢ ᠶᠢ ᠣᠯᠤᠭᠰᠠᠨ ᠤ ᠳᠠᠷᠠᠭ᠎ᠠ᠂ ᠮᠡᠬᠡᠯᠡᠯ ᠢ ᠡᠰᠡᠷᠭᠦᠴᠡᠬᠦ ᠳᠤᠮᠳᠠ ᠠᠩᠭᠢ ᠶᠢᠨ 3 ᠴᠠᠭᠳᠠᠭ᠎ᠠ ᠳᠠᠷᠤᠢ ᠲᠥᠷᠭᠡᠨ ᠵᠢᠶᠠᠩᠰᠢ ᠮᠤᠵᠢ ᠶᠢᠨ ᠭᠠᠨᠵᠸᠦ ᠬᠤᠲᠠ ᠳᠤ ᠬᠦᠷᠴᠦ᠂ 2 ᠡᠳᠦᠷ 2 ᠰᠥᠨᠢ ᠮᠥᠷᠳᠡᠨ ᠪᠠᠶᠢᠴᠠᠭᠠᠵᠤ ᠮᠠᠨᠠᠵᠤ ᠪᠠᠶᠢᠭᠠᠳ ᠡᠴᠦᠰ ᠲᠡᠭᠡᠨ ᠵᠢᠶᠠᠩᠰᠢ ᠮᠤᠵᠢ ᠶᠢᠨ ᠭᠠᠨᠵᠸᠦ ᠬᠤᠲᠠ ᠶᠢᠨ ᠵᠠᠩ ᠬᠥᠩ ᠲᠣᠭᠤᠷᠢᠭ᠂ ᠨᠠᠨᠺᠠᠩ ᠲᠣᠭᠤᠷᠢᠭ ᠤᠨ ᠵᠣᠴᠢᠳ ᠤᠨ ᠪᠠᠭᠤᠳᠠᠯ ᠠᠴᠠ 3 ᠬᠡᠷᠡᠭ ᠤᠨ ᠰᠡᠵᠢᠭᠳᠡᠨ ᠢ ᠪᠠᠷᠢᠪᠴᠢᠯᠠᠵᠠᠶ᠃            ᠰᠢᠭᠦᠨ ᠠᠰᠠᠭᠤᠬᠰᠠᠨ ᠳᠤ᠂ ᠬᠡᠷᠡᠭ ᠤᠨ ᠰᠡᠵᠢᠭᠳᠡᠨ ᠯᠦ × ᠲᠤᠤ᠂ ᠯᠦ × ᠫᠧᠩ᠂ ᠶᠠᠩ ×× ᠵᠢᠶᠠᠩᠰᠢ ᠮᠤᠵᠢ ᠶᠢᠨ ᠭᠠᠨᠵᠸᠦ ᠬᠤᠲᠠ ᠳᠤ ᠲᠡᠭᠡᠷᠡᠬᠢ ᠬᠦᠮᠤᠨ ᠢᠶᠠᠨ ᠬᠠᠪᠰᠤᠷᠤᠨ ᠵᠣᠭᠤᠰ ᠭᠠᠷᠭᠠᠵᠤ ᠠᠪᠤᠭᠰᠠᠨ ᠶᠠᠯᠠᠲᠤ ᠬᠡᠷᠡᠭ ᠬᠢᠭᠰᠡᠨ ᠢᠶᠠᠨ ᠥᠴᠢᠭᠯᠡᠨ ᠮᠡᠳᠡᠷᠡᠭᠰᠡᠨ ᠪᠠᠶᠢᠨ᠎ᠠ᠃ ᠣᠳᠣᠬᠠᠨ ᠳᠤ 3 ᠬᠡᠷᠡᠭ ᠤᠨ ᠰᠡᠵᠢᠭᠳᠡᠨ ᠢ ᠣᠳᠤᠭ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠬᠠᠤᠯᠢ ᠶᠣᠰᠣᠭᠠᠷ ᠡᠷᠡᠭᠦᠤ ᠶᠢᠨ ᠬᠡᠷᠡᠭ ᠢᠶᠠᠷ ᠲᠦᠷ ᠬᠤᠷᠢᠵᠤ᠂ ᠬᠡᠷᠡᠭ ᠢ ᠶᠠᠭ ᠤᠯᠠᠮ ᠨᠢᠭᠡ ᠠᠯᠬᠤᠮ ᠳᠡᠩᠨᠡᠨ ᠰᠢᠢᠳᠪᠦᠷᠢᠯᠡᠵᠦ ᠪᠣᠶ᠃
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ