ᠳᠠᠯᠠᠳ ᠬᠤᠰᠢᠭᠤᠨ ᠤ ᠴᠠᠭᠳᠠᠭᠠᠨ ᠤ ᠲᠠᠯ᠎ᠠ ᠶᠢᠨ ᠬᠢᠨ ᠬᠤᠣᠷᠲᠤ ᠡᠳ᠋ ᠫᠠᠨᠽᠠᠯᠠᠭᠰᠠᠨ ᠡᠪᠰᠡᠯ ᠪᠥᠯᠥᠭ ᠢ ᠰᠥᠢᠷᠡᠭᠦᠯᠵᠠᠢ
ᠨᠡᠶᠢᠲᠡᠯᠡᠭᠰᠡᠨ ᠴᠠᠭ᠄
2022/9/20
        ᠣᠶᠢᠷ᠎ᠠ ᠳᠤ᠂ ᠳᠠᠯᠠᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠤᠣᠷᠲᠤ ᠡᠳ᠋ ᠴᠠᠭᠠᠵᠠᠯᠠᠬᠤ ᠶᠡᠭᠡ ᠠᠩᠭᠢ ᠶᠢᠨ ᠬᠢᠨ ᠪᠦᠬᠦ ᠬᠤᠲᠠ ᠶᠢᠨ ᠬᠤᠣᠷᠲᠤ ᠡᠳ᠋ ᠢ ᠴᠠᠭᠠᠵᠠᠯᠠᠬᠤ ᠠᠵᠢᠯ ᠤᠨ ︽ᠥᠨᠳᠤᠰᠤ ᠶᠢ ᠨᠢ ᠴᠡᠪᠡᠷᠯᠡᠨ ᠤᠷᠤᠰᠬᠠᠯ ᠢ ᠨᠢ ᠲᠠᠰᠤᠯᠬᠤ ︾ ᠲᠤᠰᠬᠠᠶ ᠠᠵᠢᠯᠯᠠᠭ᠎ᠠ ᠪᠠᠷ ᠠᠵᠠ ᠲᠣᠬᠢᠶᠠᠯ ᠪᠣᠯᠭᠠᠵᠤ᠂ 2 ᠰᠠᠷ᠎ᠠ ᠭᠠᠷᠤᠶ ᠨᠠᠷᠢᠨ ᠬᠢᠨᠠᠮᠠᠭᠠᠢ ᠲᠠᠩᠨᠠᠨ ᠪᠠᠶᠢᠴᠠᠭᠠᠬᠤ ᠪᠠᠷ ᠳᠠᠮᠵᠢᠨ ᠬᠤᠣᠷᠲᠤ ᠡᠳ᠋ ᠢ ᠨᠢᠭᠤᠴᠠ ᠪᠠᠷ ᠠᠷᠠᠯᠵᠢᠶᠠᠯᠠᠭᠰᠠᠨ᠂ ᠵᠥᠭᠡᠭᠡᠪᠦᠷᠢᠯᠡᠭᠰᠡᠨ᠂ ᠦᠢᠯᠡᠳᠦᠭᠰᠡᠨ᠂ ᠫᠠᠨᠽᠠᠯᠠᠭᠰᠠᠨ ᠶᠠᠯᠠᠲᠤ ᠡᠪᠰᠡᠯ ᠪᠦᠯᠦᠭ ᠢ ᠰᠥᠢᠷᠡᠭᠦᠯᠵᠤ᠂ ᠬᠡᠷᠡᠭ ᠲᠤ ᠬᠤᠯᠪᠣᠭᠳᠠᠭᠰᠠᠨ 4 ᠬᠥᠮᠦᠨ ᠢ ᠪᠠᠷᠢᠪᠴᠢᠯᠠᠨ᠂ ᠬᠤᠶᠠᠳᠤᠭᠠᠷ ᠲᠦᠷᠦᠯ ᠤᠨ ᠤᠶᠤᠨ ᠮᠡᠳᠡᠷᠡᠯ ᠤᠨ ᠲᠦᠷᠦᠯ ᠤᠨ ᠬᠠᠮᠢᠶᠠᠷᠤᠯᠲᠠ ᠳᠤ ᠪᠠᠶᠢᠬ᠋᠎ᠠ ᠡᠮ ᠺᠤᠹᠧᠶ᠋ᠢᠨ ᠢ 19000 ᠭᠠᠷᠤᠢ ᠦᠷᠢᠯ᠂ ᠬᠤᠶᠠᠳᠤᠭᠠᠷ ᠲᠦᠷᠦᠯ ᠤᠨ ᠤᠶᠤᠨ ᠮᠡᠳᠡᠷᠡᠯ ᠤᠨ ᠲᠦᠷᠦᠯ ᠤᠨ ᠬᠠᠮᠢᠶᠠᠷᠤᠯᠲᠠ ᠳᠤ ᠪᠠᠶᠢᠬ᠋᠎ᠠ ᠡᠮ ᠠᠨᠨᠠᠵᠢᠶᠠ ᠶᠢ 4572.2 ᠭᠷᠠᠮ ᠣᠯᠵᠠᠯᠠᠵᠤ᠂ ᠬᠤᠣᠷᠲᠤ ᠡᠳ᠋ ᠫᠠᠨᠽᠠᠯᠠᠭᠰᠠᠨ 34000 ᠲᠥᠭᠦᠷᠢᠭ ᠤᠨ ᠪᠡᠯᠡ ᠮᠥᠩᠭᠦ᠂ ᠬᠤᠣᠷᠲᠤ ᠡᠳ᠋ ᠦᠢᠯᠡᠳᠬᠦ ᠪᠠᠭᠠᠵᠢ᠂ ᠵᠥᠭᠡᠭᠡᠪᠦᠷᠢ ᠶᠢᠨ ᠮᠠᠰᠢᠨ ᠲᠡᠷᠭᠡ ᠶᠢ ᠨᠢ ᠬᠤᠷᠢᠶᠠᠮᠵᠢᠯᠠᠪᠡ᠃            ᠡᠨᠡ ᠵᠢᠯ ᠤᠨ 5 ᠰᠠᠷ᠎ᠠ ᠳᠤ ᠬᠤᠤᠷᠲᠤ ᠡᠳ᠋ ᠴᠠᠭᠠᠵᠠᠯᠠᠬᠤ ᠶᠡᠭᠡ ᠠᠩᠭᠢ ᠶᠢᠨ ᠴᠠᠭᠳᠠᠭ᠎ᠠ ᠠᠵᠢᠯ ᠤᠨ ᠳᠤᠮᠳᠠ ᠪᠠᠨ ᠳᠠᠯᠠᠳ ᠬᠤᠰᠢᠭᠤᠨ ᠤ ᠯᠢᠦ ᠣᠪᠣᠭᠲᠤ ᠬᠤᠤᠷᠲᠤ ᠡᠳ᠋ ᠫᠠᠨᠽᠠᠯᠠᠭᠰᠠᠨ ᠰᠡᠵᠢᠭ ᠲᠠᠢ ᠪᠠᠶᠢᠬᠤ ᠨᠢᠭᠡᠨ ᠴᠢᠬᠤᠯᠠ ᠰᠦᠪᠡᠭᠴᠢ ᠶᠢ ᠣᠯᠵᠤ᠂ ᠤᠯᠠᠮ ᠨᠢᠭᠡ ᠠᠯᠬᠤᠮ ᠲᠠᠩᠨᠠᠨ ᠪᠠᠶᠢᠴᠠᠭᠠᠭᠠᠳ ᠲᠡᠭᠦᠨ ᠤ ᠠᠷᠤ ᠳᠤ ᠬᠤᠤᠷᠲᠤ ᠡᠳ᠋ ᠫᠠᠨᠽᠠᠯᠠᠭᠰᠠᠨ ᠡᠪᠰᠡᠯ ᠪᠥᠯᠥᠭ ᠨᠢᠭᠤᠭᠳᠠᠵᠤ ᠪᠠᠶᠢᠬᠤ ᠶᠢ ᠣᠯᠵᠤ ᠮᠡᠳᠡᠪᠡ᠃ ᠴᠠᠬᠳᠠᠭ᠎ᠠ ᠨᠠᠷ ᠯᠢᠦ ᠣᠪᠣᠭᠲᠤ ᠶᠢᠨ ᠡᠬᠡᠨᠡᠷ ᠵᠠᠩ ᠣᠪᠣᠭᠲᠤ ᠶᠢ ᠭᠦᠨᠵᠡᠭᠡᠶ ᠲᠠᠩᠨᠠᠨ ᠪᠠᠶᠢᠴᠠᠭᠠᠬᠰᠠᠨ ᠳᠤ᠂ ᠯᠢᠦ ᠣᠪᠣᠭᠲᠤ ᠪᠣᠯᠤᠨ ᠵᠠᠩ ᠣᠪᠣᠭᠲᠤ ᠡᠷ᠎ᠡ ᠡᠮ᠎ᠡ ᠬᠤᠶᠠᠭᠤᠯᠠ ᠬᠤᠤᠷᠲᠤ ᠡᠳ᠋ ᠢ ᠨᠢᠭᠤᠴᠠ ᠪᠠᠷ ᠠᠷᠠᠯᠵᠢᠶᠠᠯᠠᠵᠤ᠂ ᠵᠥᠭᠡᠭᠡᠪᠦᠷᠢᠯᠡᠵᠤ᠂ ᠦᠢᠯᠡᠳᠴᠤ ᠪᠠᠶᠢᠬᠤ ᠰᠡᠵᠢᠭ ᠲᠤᠩ ᠶᠡᠭᠡ ᠪᠠᠶᠢᠪᠠ᠃ ᠲᠡᠳᠡᠨ ᠤ ᠦᠢᠯᠡᠳᠦᠭᠰᠡᠨ ᠬᠤᠤᠷᠲᠤ ᠡᠳ᠋ ︽ᠵᠠᠬ᠎ᠠ ᠳᠡᠯᠭᠡᠭᠦᠷ︾ ᠲᠤ ᠣᠷᠣᠬᠤ ᠳᠤ ᠯᠠᠪᠲᠠᠶ ᠳᠤᠤᠷᠠᠬᠢ ᠬᠥᠮᠥᠨ ᠪᠠᠶᠢᠬᠤ ᠬᠡᠷᠡᠭᠳᠡᠢ ᠭᠡᠳᠡᠭ ᠢ ᠴᠠᠭᠳᠠᠭ᠎ᠠ ᠤᠶᠢᠯᠠᠭᠠᠵᠤ ᠮᠡᠳᠡᠭᠡᠳ ᠡᠨᠡ ᠬᠦ ᠰᠥᠪᠡᠭᠴᠢ ᠶᠢ ᠳᠠᠭᠠᠵᠤ ᠪᠠᠶᠢᠴᠠᠭᠠᠭᠰᠠᠨ ᠳᠤ᠂ ᠶᠠᠩ ᠣᠪᠣᠭᠲᠤ᠂ ᠯᠢᠦ ᠣᠪᠣᠭᠲᠤ ᠬᠤᠶᠠᠭᠤᠯᠠ ᠯᠢᠦ ᠣᠪᠣᠭᠲᠤ ᠪᠤᠯᠤᠨ ᠵᠠᠩ ᠣᠪᠣᠭᠲᠤ ᠡᠷ᠎ᠡ ᠡᠮ᠎ᠡ ᠲᠠᠢ ᠨᠢᠭᠲᠠ ᠬᠠᠷᠢᠴᠠᠭ᠎ᠠ ᠲᠠᠢ ᠮᠥᠷᠳᠡᠭᠡᠨ ᠣᠯᠠᠨᠳᠠ ᠬᠠᠷᠢᠯᠴᠠᠳᠠᠭ ᠪᠠᠶᠢᠪᠠ᠃ ᠢᠩᠭᠢᠭᠡᠳ ᠯᠢᠦ ᠣᠪᠣᠭᠲᠤ ᠲᠦᠷᠦᠭᠦᠲᠡᠶ᠂ ᠲᠡᠭᠦᠨ ᠤ ᠡᠬᠡᠨᠡᠷ ᠵᠠᠩ ᠣᠪᠣᠭᠲᠤ ᠬᠤᠤᠷᠲᠤ ᠡᠳ᠋ ᠦᠢᠯᠡᠳᠬᠦ ᠪᠠ ᠫᠠᠨᠽᠠᠯᠠᠬᠤ ᠭᠤᠤᠯ ᠪᠦᠷᠢᠯᠳᠦᠬᠦᠨ ᠪᠣᠯᠤᠭᠰᠠᠨ᠂ ᠶᠠᠩ ᠣᠪᠣᠭᠲᠤ᠂ ᠯᠢᠦ ᠣᠪᠣᠭᠲᠤ ᠪᠤᠷᠤᠯᠠᠭᠤᠯᠭ᠎ᠠ ᠶᠢ ᠬᠠᠷᠢᠭᠤᠴᠠᠬᠰᠠᠨ ᠬᠤᠤᠷᠲᠤ ᠡᠳ᠋ ᠦᠢᠯᠡᠳᠴᠤ ᠫᠠᠨᠽᠠᠯᠠᠬᠰᠠᠨ ᠡᠪᠰᠡᠯ ᠪᠦᠯᠦᠭ ᠠᠭᠠᠵᠢᠮ ᠢᠶᠠᠷ ᠢᠯᠡᠷᠡᠨ ᠭᠠᠷᠴᠤ ᠢᠷᠡᠪᠡ᠃            ᠬᠤᠤᠷ ᠴᠠᠭᠠᠵᠠᠯᠠᠬᠤ ᠶᠡᠭᠡ ᠠᠩᠭᠢ ᠶᠢᠨ ᠴᠠᠭᠳᠠᠭ᠎ᠠ ᠯᠢᠦ ᠣᠪᠣᠭᠲᠤ᠂ ᠵᠠᠩ ᠣᠪᠣᠭᠲᠤ ᠡᠷ᠎ᠡ ᠡᠮ᠎ᠡ ᠬᠤᠶᠠᠷ ᠢ ᠤᠯᠠᠮ ᠨᠢᠭᠡ ᠠᠯᠬᠤᠮ ᠲᠠᠩᠨᠠᠨ ᠪᠠᠶᠢᠴᠠᠭᠠᠭᠰᠠᠨ ᠳᠤ᠂ ᠯᠢᠦ ᠣᠪᠣᠭᠲᠤ᠂ ᠵᠠᠩ ᠣᠪᠣᠭᠲᠤ ᠡᠷ᠎ᠡ ᠡᠮ᠎ᠡ ᠬᠤᠶᠠᠭᠤᠯᠠ 5 ᠨᠠᠰᠤᠲᠠᠶ ᠥᠬᠢᠨ ᠢᠶᠠᠨ ᠳᠠᠭᠠᠭᠤᠯᠤᠨ ᠦᠷᠭᠦᠯᠵᠢ ᠾᠧᠪᠸᠢ ᠮᠤᠵᠢ ᠳᠤ ᠣᠴᠢᠵᠤ ᠵᠤᠭᠠᠴᠠᠳᠠᠭ ᠪᠥᠭᠡᠳ ᠣᠬᠤᠷᠬᠠᠨ ᠬᠤᠭᠤᠴᠠᠭᠠᠨ ᠳᠤ ᠣᠯᠠᠨ ᠤᠳᠠᠭ᠎ᠠ ᠨᠠᠭᠠᠰᠢ ᠴᠠᠭᠠᠰᠢ ᠶᠠᠪᠤᠵᠡᠢ᠂ ᠡᠨᠡ ᠪᠤᠯ ᠬᠡᠪ ᠤᠨ ᠪᠤᠰᠤ ᠶᠠᠪᠤᠳᠠᠯ ᠮᠦᠨ ᠭᠡᠵᠤ ᠴᠠᠭᠳᠠᠭ᠎ᠠ ᠮᠠᠭᠠᠳᠯᠠᠪᠠ᠃ ᠴᠠᠬᠳᠠᠭ᠎ᠠ ᠶᠡᠷᠤᠩᠭᠡᠶᠢᠯᠡᠭᠰᠡᠨ ᠵᠠᠳᠠᠯᠤᠯᠳᠠ ᠬᠢᠭᠡᠳ ᠨᠢᠭᠤᠴᠠ ᠶᠢ ᠨᠢ ᠮᠡᠳᠡᠵᠡᠢ᠃ ᠡᠨᠡ ᠪᠣᠯ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠭᠤᠯᠠ ᠶᠢᠨ ᠮᠡᠭᠡ ᠮᠥᠨ᠂ ᠲᠠᠳᠠ ᠢᠨᠲ᠋ᠧᠷ ᠰᠦᠯᠵᠢᠶ᠎ᠡ ᠪᠠᠷ ᠬᠤᠤᠷᠳᠤ ᠡᠳ᠋ ᠬᠤᠳᠠᠯᠳᠤᠨ ᠠᠪᠤᠬᠰᠠᠨ ᠤ ᠳᠠᠷᠠᠭ᠎ᠠ ᠬᠢᠯᠢ ᠪᠠᠷ ᠨᠢᠭᠤᠴᠠ ᠪᠠᠷ ᠣᠷᠣᠵᠤ ᠢᠷᠡᠬᠦ ᠬᠤᠤᠷᠲᠤ ᠡᠳ᠋ ᠢᠶᠠᠨ ᠰᠢᠭᠤᠳ ᠾᠧᠪᠸᠢ ᠳᠡᠶᠢᠰᠢ ᠢᠯᠡᠭᠡᠯᠭᠡᠵᠦ᠂ ᠳᠠᠬᠢᠭᠠᠳ 5 ᠨᠠᠰᠤᠲᠠᠶ ᠥᠬᠢᠨ ᠢᠶᠠᠨ ᠳᠠᠭᠠᠭᠤᠯᠤᠨ ᠵᠤᠭᠠᠴᠠᠬᠤ ᠨᠡᠷ᠎ᠡ ᠪᠠᠷ ᠾᠧᠪᠸᠢ ᠳᠤ ᠬᠦᠷᠴᠦ ᠪᠠᠷᠠᠭ᠎ᠠ ᠪᠠᠨ ᠳᠤᠰᠴᠤ ᠠᠪᠳᠠᠭ ᠪᠠᠶᠢᠯ᠎ᠠ᠃            ᠤᠳᠠᠭᠠᠨ ᠡᠳᠤᠷ ᠨᠠᠷᠢᠨ ᠬᠢᠨᠠᠮᠠᠭᠠᠢ ᠳᠠᠩᠨᠠᠨ ᠪᠠᠶᠢᠴᠠᠭᠠᠭᠰᠠᠨ ᠤ ᠳ᠋ᠥᠩ ᠳᠤ᠂ ᠴᠠᠭᠳᠠᠭ᠎ᠠ ᠨᠠᠷ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠭᠤᠯᠠ ᠶᠢ ᠨᠢᠭᠡ ᠯᠡ ᠳᠤᠤᠷ᠎ᠠ ᠪᠠᠷᠢᠪᠴᠢᠯᠠᠪᠠ᠃ ᠭᠡᠪᠡᠴᠦ ᠯᠢᠦ ᠣᠪᠣᠭᠲᠤ᠂ ᠵᠠᠩ ᠣᠪᠣᠭᠲᠤ ᠥᠪᠡᠷ ᠤᠨ ᠬᠡᠷᠡᠭ ᠬᠢᠭᠰᠡᠨ ᠪᠣᠳᠠᠲᠤ ᠶᠠᠪᠤᠳᠠᠯ ᠢᠶᠠᠨ ᠲᠤᠰᠢᠶᠠᠬᠤ ᠦᠭᠡᠶ ᠪᠠᠶᠢᠯ᠎ᠠ᠃ ᠴᠠᠭᠳᠠᠭ᠎ᠠ ᠨᠠᠷ ᠦᠷᠬᠦᠯᠵᠢᠯᠡᠨ ᠭᠦᠨᠵᠡᠭᠡᠶ ᠲᠠᠩᠨᠠᠨ ᠪᠠᠶᠢᠴᠠᠭᠠᠭᠠᠳ ᠲᠡᠳᠡᠨ ᠤ ᠳᠤᠤᠷᠠᠬᠢ ᠪᠥᠷᠢᠯᠳᠥᠭᠦᠨ ᠶᠠᠩ ᠣᠪᠣᠭᠲᠤ᠂ ᠯᠢᠦ ᠣᠪᠣᠭᠲᠤ ᠶᠢ ᠪᠠᠷᠢᠪᠴᠢᠯᠠᠪᠠ᠃            ᠰᠢᠭᠦᠨ ᠠᠰᠠᠭᠤᠬᠰᠠᠨ ᠳᠤ᠂ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠷ ᠦᠨᠡᠨ ᠪᠣᠳᠠᠲᠠᠶ ᠭᠡᠷᠡᠴᠢ ᠪᠠᠷᠢᠮᠲᠠ ᠶᠢᠨ ᠡᠮᠦᠨ᠋᠎ᠡ ᠬᠤᠣᠷᠲᠤ ᠡᠳ᠋ ᠢ ᠨᠢᠭᠤᠴᠠ ᠪᠠᠷ ᠠᠷᠠᠯᠵᠢᠶᠠᠯᠠᠭᠰᠠᠨ᠂ ᠵᠥᠭᠡᠭᠡᠪᠦᠷᠢᠯᠡᠭᠰᠡᠨ᠂ ᠦᠢᠯᠡᠳᠦᠭᠰᠡᠨ᠂ ᠫᠠᠨᠽᠠᠯᠠᠭᠰᠠᠨ ᠬᠡᠷᠡᠭ ᠢᠶᠠᠨ ᠦᠨᠡᠨ  ᠮᠥᠨ ᠢᠶᠠᠷ ᠥᠴᠢᠭᠯᠡᠪᠠ᠃ ᠲᠡᠳᠡ ᠬᠤᠶᠠᠭᠤᠯᠠ ᠴᠠᠭᠳᠠᠭᠠᠨ ᠤ ᠲᠠᠯ᠎ᠠ ᠶᠢᠨ ᠴᠣᠬᠢᠯᠲᠠ ᠠᠴᠠ ᠵᠠᠶᠢᠯᠠᠬᠤ ᠶᠢᠨ ᠲᠥᠯᠥᠭᠡ ᠪᠤᠰᠤᠳ ᠰᠠᠭᠤᠭᠠᠯᠢ ᠲᠣᠭᠤᠷᠢᠭ ᠲᠤ ᠭᠡᠷ ᠲᠦᠷᠢᠶᠡᠰᠦᠯᠡᠵᠤ᠂ ᠲᠤᠰᠬᠠᠶᠢᠯᠠᠨ ᠬᠤᠶᠠᠳᠤᠭᠠᠷ ᠲᠥᠷᠥᠯ ᠤᠨ ᠣᠶᠤᠨ ᠮᠡᠳᠡᠷᠡᠯ ᠤᠨ ᠲᠥᠷᠥᠯ ᠤᠨ ᠬᠠᠮᠢᠶᠠᠷᠤᠯᠳᠠ ᠳᠤ ᠪᠠᠶᠢᠭ᠎ᠠ ᠡᠮ ᠺᠣᠹᠧᠶ᠋ᠢᠨ ᠢ ᠪᠣᠯᠪᠠᠰᠤᠷᠠᠭᠤᠯᠵᠤ᠂ ᠪᠣᠯᠪᠠᠰᠤᠷᠠᠭᠤᠯᠤᠭᠰᠠᠨ ᠬᠤᠣᠷᠲᠤ ᠡᠳ᠋ ᠤᠨ ᠪᠦᠲᠦᠭᠡᠭᠳᠡᠬᠦᠨ ᠢᠶᠠᠨ ᠶᠠᠩ ᠣᠪᠣᠭᠲᠤ᠂ ᠯᠢᠦ ᠣᠪᠣᠭᠲᠤ ᠪᠠᠷ ᠳᠠᠮᠵᠢᠭᠤᠯᠤᠨ ᠡᠯ᠎ᠡ ᠬᠤᠣᠷ ᠡᠳ᠋ᠯᠡᠭᠴᠢ ᠳᠤ ᠪᠤᠷᠤᠯᠠᠭᠤᠯᠳᠠᠭ ᠪᠠᠶᠢᠯ᠎ᠠ᠃            ᠴᠠᠭᠳᠠᠭ᠎ᠠ ᠲᠤᠬᠠᠶ ᠶᠢᠨ ᠲᠠᠯᠠᠪᠤᠷ ᠠᠴᠠ ᠬᠤᠶᠠᠳᠤᠭᠠᠷ ᠲᠥᠷᠥᠯ ᠤᠨ ᠣᠶᠤᠨ ᠮᠡᠳᠡᠷᠡᠯ ᠤᠨ ᠲᠥᠷᠥᠯ ᠤᠨ ᠬᠠᠮᠢᠶᠠᠷᠤᠯᠳᠠ ᠳᠤ ᠪᠠᠶᠢᠭ᠎ᠠ ᠡᠮ ᠺᠣᠹᠧᠶ᠋ᠢᠨ ᠢ 19000 ᠭᠠᠷᠤᠶ ᠥᠷᠢᠯ᠂ ᠬᠤᠶᠠᠳᠤᠭᠠᠷ ᠲᠥᠷᠥᠯ ᠤᠨ ᠣᠶᠤᠨ ᠮᠡᠳᠡᠷᠡᠯ ᠤᠨ ᠲᠥᠷᠥᠯ ᠤᠨ ᠬᠠᠮᠢᠶᠠᠷᠤᠯᠳᠠ ᠳᠤ ᠪᠠᠶᠢᠭ᠎ᠠ ᠡᠮ ᠠᠨᠨᠠᠵᠢᠶᠠ ᠶᠢ 4572.2 ᠭᠷᠠᠮ ᠣᠯᠵᠠᠯᠠᠵᠤ᠂ ᠬᠤᠤᠷᠲᠤ ᠡᠳ᠋ ᠫᠠᠨᠽᠠᠯᠠᠭᠰᠠᠨ 34000 ᠲᠥᠭᠦᠷᠢᠭ ᠢ ᠨᠢ ᠬᠤᠷᠢᠶᠠᠨ ᠠᠪᠴᠤ᠂ ᠬᠤᠤᠷᠲᠤ ᠡᠳ᠋ ᠦᠢᠯᠡᠳᠬᠦ ᠪᠠᠭᠠᠵᠢ ᠬᠡᠷᠡᠭᠰᠡᠯ ᠢ ᠨᠢ ᠬᠤᠷᠢᠶᠠᠮᠵᠢᠯᠠᠪᠠ᠃             ᠣᠳᠣᠬᠠᠨ ᠳᠤ ᠬᠡᠷᠡᠭ ᠢ ᠤᠯᠠᠮ ᠨᠢᠭᠡ ᠠᠯᠬᠤᠮ ᠳᠡᠩᠨᠡᠨ ᠪᠠᠶᠢᠴᠠᠭᠠᠵᠤ ᠪᠠᠶᠢᠨ᠎ᠠ᠃ ︵ᠡᠬᠡ ᠪᠢᠴᠢᠭ ᠤᠳ ᠢ ︽ᠠᠮᠤᠭᠤᠯᠠᠩᠲᠦ ᠤᠷᠳᠤᠰ︾ ᠠᠴᠠ ᠤᠷᠴᠢᠭᠤᠯᠪᠠ︶
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ