ᠠᠮᠧᠷᠢᠺᠡ ᠶᠢᠨ ᠤᠷᠴᠢᠨ ᠲᠤᠭᠤᠷᠢᠨ ᠢ ᠬᠠᠮᠠᠭᠠᠯᠠᠬᠤ ᠰᠦᠯᠵᠢᠶᠡᠨ ᠤ ᠦᠷᠳᠡᠭᠡ ᠶᠢᠨ ᠳ᠋ᠦᠡᠭᠨᠡᠭᠰᠡᠨ ᠢᠶᠠᠷ ᠼᠤᠤ ᠬᠢᠭᠡᠳ ᠪᠠᠭ᠎ᠠ ᠰᠦᠳᠡ ᠪᠤᠯ ᠠᠷᠢᠭᠤᠳᠬᠠᠵᠤ ᠴᠡᠪᠡᠷᠯᠡᠬᠦ ᠤᠬᠢ ᠰᠠᠶᠢᠨ ᠡᠳ᠋ ᠮᠦᠨ
ᠨᠡᠶᠢᠲᠡᠯᠡᠭᠰᠡᠨ ᠴᠠᠭ᠄
2022/9/20
        ᠬᠡᠷᠪᠡ ᠲᠠ ᠭᠡᠷ ᠲᠤᠳᠤᠷᠠᠬᠢ ᠶᠢᠨ ᠢᠶᠠᠨ ᠬᠢᠮᠢ ᠶᠢᠨ ᠴᠡᠪᠡᠷᠰᠢᠭᠦᠯᠬᠦ ᠡᠳ᠋ ᠤᠨ ᠬᠡᠷᠡᠭᠯᠡᠯᠳᠡ ᠶᠢ ᠪᠠᠭᠠᠰᠬᠠᠬᠤ ᠮᠦᠷᠳᠡᠭᠡᠨ ᠪᠠᠰᠨ ᠭᠡᠷ  ᠢᠶᠠᠨ ᠴᠡᠪᠡᠷ ᠠᠷᠢᠭᠤᠨ ᠬᠡᠪ ᠢᠶᠠᠷ ᠨᠢ ᠪᠠᠶᠢᠯᠭᠠᠬᠤ ᠰᠠᠨᠠᠭ᠎ᠠ ᠲᠠᠢ ᠪᠤᠯ ᠼᠣᠤ ᠪᠠ ᠪᠠᠭ᠎ᠠ ᠰᠦᠳᠡ ᠶᠢ ᠬᠤᠯᠢᠵᠤ ᠬᠡᠷᠡᠭᠯᠡᠬᠦ ᠪᠤᠯ ᠤᠬᠢ ᠰᠠᠶᠢᠨ ᠰᠤᠩᠭᠤᠯᠳᠡ ᠮᠦᠨ᠃   ᠲᠡᠷᠨ ᠨᠢ ᠭᠬᠢᠷ ᠪᠤᠷᠳᠠᠭ ᠪᠡ ᠮᠠᠭᠤᠬᠠᠢ ᠦᠨᠤᠷ ᠢ ᠪᠦᠷ ᠠᠷᠢᠯᠭᠠᠵᠤ ᠲᠠᠶᠢᠯᠤᠨ᠎ᠠ᠃  ᠦᠢᠷ᠎ᠠ ᠶᠢᠨ ᠡᠳᠤᠷ᠂   ᠠᠮᠧᠷᠢᠺᠡ ᠶᠢᠨ  ︿ᠮᠤᠳᠤ ᠲᠡᠪᠡᠷᠢᠭᠴᠢ﹀ ᠤᠷᠴᠢᠨ ᠲᠤᠭᠤᠷᠢᠨ ᠤ ᠬᠠᠮᠠᠭᠠᠯᠠᠯᠳᠡ ᠶᠢᠨ ᠲᠤᠤᠷ ᠰᠦᠯᠵᠢᠶᠠᠨ ᠤ ᠦᠷᠳᠡᠭᠡ ᠨᠢ ᠼᠤᠤ ᠪᠡ ᠪᠠᠭ᠎ᠠ ᠰᠦᠳᠡ ᠶᠢ ᠬᠤᠯᠢᠬᠰᠡᠨ ᠡᠳ᠋ ᠢᠶᠠᠷ ᠭᠡᠷ ᠤᠨ ᠡᠳ᠋ᠯᠡᠯ ᠬᠡᠷᠡᠭᠰᠡᠯ ᠢ ᠠᠷᠢᠭᠤᠳᠬᠠᠬᠤ ᠠᠷᠪᠡᠨ ᠵᠦᠢᠯ ᠤᠨ ᠠᠷᠭ᠎ᠠ ᠶᠢ ᠳ᠋ᠦᠡᠭᠨᠡᠵᠤ ᠭᠠᠷᠭᠠᠵᠠᠢ ᠄              1. ᠤᠰᠤ ᠭᠠᠳᠠᠬᠰᠢᠯᠠᠭᠤᠯᠬᠤ ᠬᠤᠭᠤᠯᠠᠢ ᠶᠢ ᠴᠡᠪᠡᠷᠰᠢᠭᠦᠯᠬᠦ᠃  ᠤᠰᠤ ᠭᠠᠳᠠᠬᠰᠢᠯᠠᠭᠤᠯᠬᠤ ᠨᠦᠭᠡᠨ ᠲᠤᠳᠤᠷ᠎ᠠ ᠬᠠᠭᠠᠰ ᠴᠤᠮᠤ ᠪᠠᠭ᠎ᠠ ᠰᠦᠳᠡ ᠶᠢ ᠰᠠᠴᠤᠵᠤ᠂  ᠪᠠᠰᠨ ᠨᠢᠭᠡ ᠴᠤᠮᠤ ᠼᠤᠤ ᠶᠢ ᠬᠢᠵᠤ᠂   ᠪᠦᠳᠦᠭᠰᠡᠨ ᠬᠤᠯᠢᠮᠠᠭ ᠡᠳ᠋ ᠢᠶᠠᠨ ᠬᠦᠭᠡᠰᠤ ᠭᠠᠷᠭᠠᠨ᠎ᠠ᠃   ᠲᠠᠬᠢᠭᠠᠳ ᠬᠦᠭᠡᠰᠤ ᠭᠠᠷᠬᠤ ᠪᠠᠨ ᠪᠤᠯᠢᠬᠰᠡᠨ  ᠤ ᠲᠠᠷᠠᠭ᠎ᠠ ᠤᠰᠤᠨ ᠤ ᠭᠤᠭᠤᠵᠢᠭᠤᠷ ᠤᠨ ᠲᠤᠯᠠᠭᠠᠨ ᠤ ᠬᠡᠮᠵᠢᠶ᠎ᠡ ᠶᠢ ᠬᠠᠮᠤᠭ ᠬᠠᠯᠠᠭᠤᠨ ᠬᠡᠮᠵᠢᠶᠡᠨ ᠳᠤ ᠨᠢ ᠬᠦᠷᠳᠡᠯ᠎ᠡ ᠲᠤᠬᠢᠷᠠᠭᠤᠯᠵᠤ᠂ 5  ᠮᠢᠨᠦ᠋ᠲ ᠨᠡᠭᠡᠭᠡᠨ᠎ᠡ ᠃   ᠲᠠᠬᠢᠭᠠᠳ ᠬᠠᠮᠤᠭ ᠰᠡᠭᠦᠯ ᠳᠤ ᠶᠡᠭᠡ ᠬᠡᠮᠵᠢᠶᠡᠨ ᠤ ᠬᠦᠢᠳᠡᠨ ᠤᠰᠤ ᠪᠠᠷ ᠤᠰᠤ ᠭᠠᠳᠠᠬᠰᠢᠯᠠᠭᠤᠯᠬᠤ ᠬᠤᠭᠤᠯᠠᠢ ᠶᠢ ᠤᠬᠢᠶᠠᠨ᠎ᠠ᠃              2.  ᠲᠤᠭᠤᠭᠠᠨ ᠭᠡᠷ ᠤᠨ ᠰᠢᠷᠠᠬᠤ ᠬᠠᠶᠢᠷᠴᠠᠭ ᠢ ᠴᠡᠪᠡᠷᠯᠡᠬᠦ᠃  ᠰᠦᠷᠴᠢᠬᠦ ᠯᠤᠩᠬᠤᠨ ᠳᠤ ᠬᠠᠭᠠᠰ ᠴᠤᠮᠤ ᠨᠢᠮᠪᠡᠭᠡ ᠶᠢᠨ ᠰᠢᠭᠦᠰᠤ ᠪᠡ ᠨᠢᠭᠡ ᠴᠤᠮᠤ ᠴᠠᠭᠠᠨ ᠼᠤᠤ ᠶᠢ ᠬᠤᠯᠢᠵᠤ ᠬᠢᠨ᠂  ᠰᠢᠷᠠᠬᠤ ᠬᠠᠶᠢᠷᠴᠠᠭ ᠤᠨ ᠲᠤᠳᠤᠷ᠎ᠠ ᠲᠠᠯ᠎ᠠ ᠶᠢᠨ ᠭᠠᠳᠠᠷᠭᠤ ᠲᠡᠭᠡᠷ᠎ᠡ ᠰᠦᠷᠴᠢᠭᠡᠳ 10 ᠮᠢᠨᠦ᠋ᠲ ᠪᠤᠯᠵᠤ᠂  ᠬᠠᠮᠤᠭ ᠰᠡᠭᠦᠯ  ᠳᠤ  ᠨᠢ ᠨᠤᠶᠢᠳᠡᠨ ᠵᠦᠯᠭᠦᠭᠦᠷ ᠪᠤᠶᠤ ᠠᠯᠴᠢᠭᠤᠷ ᠢᠶᠠᠷ ᠠᠷᠴᠢᠨ᠎ᠡ᠃              3. ᠤᠰᠤᠨ ᠤ ᠭᠤᠭᠤᠵᠢᠭᠤᠷ ᠤᠨ ᠲᠡᠭᠡᠷᠡᠬᠢ ᠤᠰᠤᠨ ᠪᠤᠷᠳᠠᠭ ᠢ ᠴᠡᠪᠡᠷᠯᠡᠬᠦ᠃  ᠵᠦᠯᠭᠦᠭᠦᠷ ᠪᠤᠶᠤ ᠠᠯᠴᠢᠭᠤᠷ ᠢ ᠼᠤᠤ ᠶᠢᠨ ᠲᠤᠳᠤᠷ᠎ᠠ ᠲᠡᠪᠳᠦᠭᠡᠵᠤ᠂  ᠴᠡᠪᠡᠷᠯᠡᠬᠦ ᠴᠢᠬᠤᠯᠠᠳᠠᠢ ᠭᠡᠰᠡᠭ ᠳᠡᠭᠡᠨ ᠵᠦᠯᠭᠦᠭᠦᠷ ᠪᠤᠶᠤ ᠠᠯᠴᠢᠭᠤᠷ ᠢᠶᠠᠨ ᠬᠤᠶᠠᠷ ᠴᠠᠭ ᠬᠦᠳᠡᠯᠭᠡᠬᠦ ᠦᠭᠡᠢ ᠪᠠᠷ ᠲᠠᠯᠪᠢᠨ᠎ᠠ᠃  ᠢᠡᠭᠬᠢᠭᠡᠳ ᠵᠦᠯᠭᠦᠭᠦᠷ ᠪᠤᠶᠤ ᠠᠯᠴᠢᠭᠤᠷ ᠢᠶᠠᠨ ᠠᠪᠴᠤ ᠬᠠᠶᠠᠬᠤ ᠠᠴᠠ ᠪᠠᠨ ᠡᠮᠤᠨ᠎ᠡ ᠠᠳᠠᠯᠢ ᠬᠡᠮᠵᠢᠶᠡᠨ ᠤ ᠪᠠᠭ᠎ᠠ ᠰᠦᠳᠡ ᠪᠡ ᠤᠰᠤ ᠶᠢ ᠬᠤᠯᠢᠵᠤ ᠬᠤᠳᠬᠤᠬᠰᠡᠨ ᠬᠤᠯᠢᠮᠠᠭ ᠡᠳ᠋ ᠢ ᠪᠡᠯᠡᠳᠭᠡᠵᠤ᠂  ᠵᠦᠯᠭᠦᠭᠦᠷ ᠪᠤᠶᠤ ᠠᠯᠴᠢᠭᠤᠷ ᠢᠶᠠᠨ ᠠᠪᠤᠬᠰᠡᠨ ᠤ ᠲᠠᠷᠠᠭ᠎ᠠ ᠬᠤᠯᠢᠮᠠᠭ ᠡᠳ᠋ ᠢᠶᠠᠨ ᠲᠤᠤᠷᠠᠬᠢ ᠬᠡᠰᠡᠭ ᠲᠤ ᠨᠢ ᠲᠦᠷᠬᠢᠨ᠂  ᠵᠢᠵᠢᠭ ᠱᠤᠸᠠᠵᠨ ᠪᠠᠷ ᠱᠤᠸᠠᠵᠠᠳᠠᠵᠤ ᠤᠬᠢᠶᠠᠨ᠂  ᠬᠠᠮᠤᠭ ᠰᠡᠭᠦᠯ ᠳᠤ ᠨᠢ ᠴᠡᠪᠡᠷ ᠰᠢᠭ ᠨᠤᠶᠢᠳᠡᠨ ᠵᠦᠯᠭᠦᠭᠦᠷ ᠪᠤᠶᠤ ᠠᠯᠴᠢᠭᠤᠷ ᠢᠶᠠᠷ ᠠᠷᠴᠢᠪᠡᠯ ᠪᠤᠯᠴᠢᠬᠠᠨ᠎ᠠ᠃              4. ᠭᠡᠪᠢᠰ ᠲᠡᠪᠢᠰᠭᠡᠷ ᠲᠡᠭᠡᠷᠡᠬᠢ ᠪᠤᠷᠳᠠᠭ ᠢ ᠠᠷᠢᠯᠭᠠᠬᠤ᠃  ᠬᠤᠶᠠᠷ ᠬᠠᠯᠪᠠᠭ᠎ᠠ ᠪᠠᠭ᠎ᠠ ᠰᠦᠳᠡ ᠶᠢ ᠼᠤᠤ ᠬᠢᠭᠡᠳ ᠵᠤᠳᠠᠩ ᠮᠡᠳᠤ ᠪᠤᠯᠭᠠᠬᠰᠡᠨ ᠤᠰᠤᠨ  ᠳᠤ ᠨᠡᠮᠡᠵᠤ ᠤᠷᠤᠭᠤᠯᠤᠨ᠎ᠠ᠃  ᠢᠡᠭᠬᠢᠭᠡᠳ ᠬᠤᠯᠢᠮᠠᠭ ᠡᠳ᠋ ᠨᠢ ᠬᠦᠭᠡᠰᠤ ᠲᠡᠭᠳᠡᠵᠤ ᠪᠠᠶᠢᠬᠤ ᠦᠶ᠎ᠡ ᠳᠤ ᠬᠡᠪᠢᠰ ᠤᠨ  ᠢᠶᠠᠨ ᠪᠤᠷᠳᠠᠭ ᠲᠠᠢ ᠬᠡᠰᠡᠭ᠂  ᠴᠢᠨᠠᠬᠰᠢᠯᠡᠪᠡᠯ ᠰᠢᠷᠭᠡᠭᠯᠢᠭ ᠡᠳ᠋ ᠲᠤ ᠨᠢ ᠰᠢᠩᠭᠡᠳᠡᠯ᠎ᠡ ᠲᠦᠷᠬᠢᠨ᠎ᠡ᠃  ᠢᠡᠭᠬᠢᠭᠡᠳ ᠨᠢᠭᠡ ᠰᠦᠨᠢ ᠲᠠᠯᠪᠢᠬᠰᠡᠨ  ᠤ ᠲᠠᠷᠠᠭ᠎ᠠ ᠲᠤᠭᠤᠰᠤ ᠰᠤᠷᠤᠭᠤᠯᠬᠤ ᠮᠠᠰᠢᠨ ᠡᠰᠡᠭᠦᠯ᠎ᠡ ᠵᠢᠵᠢᠭ ᠱᠤᠸᠠᠵᠨ ᠪᠠᠷ ᠬᠢᠪᠢᠰ ᠲᠡᠭᠡᠷᠡᠬᠢ ᠬᠤᠯᠢᠮᠠᠭ ᠡᠳ᠋ ᠤᠨ ᠢᠶᠠᠨ ᠦᠯᠡᠳᠡᠭᠳᠡᠯ ᠪᠤᠳᠠᠰ ᠢ ᠨᠢ ᠰᠢᠢᠳᠪᠤᠷᠢᠯᠡᠨ᠎ᠡ᠃              5. ᠬᠤᠪᠴᠠᠰᠤᠨ ᠤ ᠸᠠᠯᠠᠬᠰᠡᠨ ᠦᠨᠤᠷ ᠢ ᠨᠢ ᠠᠷᠢᠯᠭᠠᠬᠤ᠃  ᠬᠡᠷᠪᠡ ᠴᠢᠨᠤ ᠬᠤᠪᠴᠠᠰᠤᠨ ᠬᠤᠷᠭᠤᠨ ᠲᠤᠳᠤᠷᠠᠬᠢ ᠨᠡᠭᠡᠮᠡᠯ ᠬᠤᠪᠴᠠᠰᠤᠨ ᠤ ᠵᠦᠢᠯ ᠴᠢᠨᠢ ᠸᠠᠯᠠᠵᠤ᠂  ᠮᠠᠭᠤᠭᠠᠢ ᠦᠨᠤᠷ ᠲᠠᠢ ᠪᠤᠯᠤᠬᠰᠡᠨ ᠪᠠᠶᠢᠪᠠᠯ ᠬᠤᠪᠴᠠᠰᠤ ᠤᠬᠢᠶᠠᠬᠤ ᠨᠤᠨᠳᠠᠭ᠂  ᠬᠤᠪᠴᠠᠰᠤ ᠤᠬᠢᠶᠠᠬᠤ ᠰᠢᠩᠭᠡᠨ ᠡᠳ᠋ ᠤᠨ ᠲᠤᠳᠤᠷ᠎ᠠ ᠬᠠᠭᠠᠰ ᠴᠤᠮᠤ ᠪᠠᠭ᠎ᠠ ᠰᠦᠳᠡ ᠬᠢᠵᠤ ᠮᠠᠭᠤᠬᠠᠢ ᠦᠨᠤᠷ ᠢ ᠨᠢ ᠠᠷᠢᠯᠭᠠᠵᠤ ᠪᠤᠯᠤᠨ᠎ᠠ᠃   ᠢᠡᠭᠬᠢᠭᠡᠳ ᠤᠬᠢᠶᠠᠵᠤ ᠪᠠᠶᠢᠬᠤ ᠶᠠᠪᠤᠴᠨ ᠳᠠᠭᠠᠨ ᠬᠦᠪᠭᠦᠨ ᠤᠬᠢᠶᠠᠵᠤ ᠪᠠᠶᠢᠬᠤ ᠲᠡᠷᠨ ᠲᠠᠭᠠᠤ ᠳᠤᠨᠢ ᠪᠠᠰᠨ ᠨᠢᠭᠡ ᠴᠤᠮᠤ ᠼᠤᠤ ᠶᠢ ᠬᠢᠵᠤ᠂   ᠨᠡᠭᠡᠮᠡᠯ ᠬᠤᠪᠴᠠᠰᠤ ᠶᠢ ᠵᠦᠭᠡᠯᠡᠷᠡᠭᠦᠯᠬᠦ ᠡᠳ᠋ ᠢ ᠤᠷᠤᠯᠠᠭᠤᠯᠵᠤ ᠪᠤᠯᠤᠨ᠎ᠠ᠃              6. ᠪᠡᠶ᠎ᠡ ᠤᠬᠢᠶᠠᠯᠭ᠎ᠠ ᠶᠢᠨ ᠰᠦᠷᠴᠢᠭᠦᠷ ᠢ ᠴᠡᠪᠡᠷᠯᠡᠬᠦ᠃  ᠪᠡᠶ᠎ᠡ ᠤᠬᠢᠶᠠᠯᠭ᠎ᠠ ᠶᠢᠨ ᠪᠠᠭᠠᠵᠢ ᠶᠢᠨ ᠰᠦᠷᠴᠢᠭᠦᠷ ᠢ ᠠᠪᠴᠤ᠂  ᠤᠰᠤ ᠭᠤᠭᠤᠵᠢᠬᠤ ᠦᠭᠡᠢ ᠤᠭᠤᠳᠠᠨ ᠳᠤ  ᠰᠠᠪᠠᠯᠠᠨ᠎ᠠ᠃  ᠬᠦᠢᠴᠡᠳ ᠬᠡᠮᠵᠢᠶᠡᠨ ᠤ ᠼᠤᠤ ᠶᠢ ᠬᠢᠵᠤ᠂  ᠤᠬᠢᠶᠠᠯᠭ᠎ᠠ ᠶᠢᠨ ᠰᠦᠷᠴᠢᠭᠦᠷ ᠢ ᠲᠠᠪᠠᠭᠤᠯᠤᠨ᠂  ᠪᠠᠰᠨ  ᠨᠢᠭᠡ ᠰᠦᠨᠢ ᠲᠯᠠᠪᠢᠨ᠎ᠠ᠃  ᠢᠡᠭᠬᠢᠭᠡᠳ ᠬᠤᠶᠠᠳᠤᠭᠠᠷ ᠡᠳᠤᠷ ᠲᠤ ᠨᠢ ᠪᠡᠶ᠎ᠡ ᠤᠬᠢᠶᠠᠯᠭ᠎ᠠ ᠶᠢᠨ ᠰᠦᠷᠴᠢᠭᠦᠷ ᠢᠶᠠᠨ ᠠᠪᠴᠤ ᠭᠠᠷᠭᠠᠨ᠂  ᠪᠠᠰᠨ ᠪᠠᠭ᠎ᠠ ᠰᠦᠳᠡ ᠶᠢ ᠰᠦᠷᠴᠢᠨ᠂  ᠬᠦᠭᠡᠰᠤ ᠭᠠᠷᠬᠤ ᠨᠢ ᠵᠤᠬᠰᠤᠪᠡᠯ ᠨᠢᠭᠡ ᠵᠢᠵᠢᠭ ᠱᠤᠸᠠᠵᠨ ᠪᠠᠷ ᠰᠦᠷᠴᠢᠭᠦᠷ  ᠢᠶᠠᠨ ᠠᠷᠴᠢᠵᠤ ᠵᠦᠯᠭᠦᠨ᠂  ᠬᠠᠮᠤᠭ ᠰᠡᠭᠦᠯ ᠳᠤ ᠨᠢ ᠤᠷᠤᠰᠴᠤ ᠪᠠᠶᠢᠬᠤ ᠤᠰᠤ ᠪᠠᠷ ᠤᠬᠢᠶᠠᠨ ᠴᠡᠪᠡᠷᠯᠡᠨ᠎ᠡ᠃              7. ᠭᠠᠳᠠᠭᠠᠯᠠᠬᠤ ᠰᠠᠪᠠ ᠶᠢ ᠴᠡᠪᠡᠷᠯᠡᠬᠦ᠃  ᠼᠤᠤ ᠪᠠᠨ ᠰᠦᠷᠴᠢᠬᠦ ᠯᠤᠩᠬᠤᠨ ᠳᠠᠭᠠᠨ ᠬᠢᠵᠤ᠂  ᠭᠠᠳᠠᠭᠠᠯᠠᠬᠤ ᠰᠠᠪᠠ ᠶᠢᠨ ᠲᠤᠳᠤᠷ᠎ᠠ ᠬᠡᠰᠡᠭ ᠲᠤ ᠰᠦᠷᠴᠢᠨ᠂  ᠮᠦᠨᠴᠤ ᠠᠳᠠᠯᠢ ᠭᠡᠰᠡᠭ ᠲᠤ ᠵᠤᠬᠢᠬᠤ ᠬᠡᠮᠵᠢᠶᠡᠨ ᠤ ᠪᠠᠭ᠎ᠠ ᠰᠦᠳᠡ ᠶᠢ ᠰᠠᠴᠤᠨ᠎ᠡ᠃  ᠢᠡᠭᠬᠢᠭᠡᠳ ᠨᠡᠯᠢᠶᠡᠳ ᠤᠯᠡᠨ ᠬᠦᠭᠡᠰᠤ ᠭᠠᠷᠤᠬᠰᠡᠨ ᠦᠭᠡᠢ ᠪᠤᠯ ᠼᠤᠤ ᠪᠠᠨ ᠪᠠᠰᠨ ᠢᠯᠡᠭᠦᠤ ᠰᠦᠷᠴᠢᠨ 5 ᠮᠢᠨᠦ᠋ᠲ ᠪᠤᠯᠤᠬᠰᠡᠨ ᠤ ᠲᠠᠷᠠᠭ᠎ᠠ ᠭᠠᠳᠠᠭᠠᠯᠠᠬᠤ ᠰᠠᠪᠠ  ᠶᠢᠨ ᠲᠤᠰᠬᠠᠢ ᠱᠤᠸᠠᠵᠨ ᠪᠠᠷ ᠱᠤᠸᠠᠵᠠᠳᠠᠵᠤ ᠠᠷᠴᠢᠨ᠎ᠡ᠃              8.  ᠲᠡᠭᠰᠢ ᠢᠷᠤᠭᠠᠷᠳᠤ ᠲᠤᠭᠤᠭ᠎ᠠ ᠶᠢ ᠤᠬᠢᠶᠠᠨ ᠴᠡᠪᠡᠷᠯᠡᠬᠦ᠃  ᠪᠠᠭ᠎ᠠ ᠰᠦᠳᠡ ᠪᠠᠨ ᠲᠡᠭᠰᠢ ᠢᠷᠤᠭᠠᠷᠳᠤ ᠲᠤᠭᠤᠭ᠎ᠠ ᠶᠢᠨ ᠭᠠᠳᠠᠷ ᠭᠡᠰᠡᠭ ᠡᠰᠡᠭᠦᠯ᠎ᠡ ᠲᠤᠭᠤᠭᠠᠨ ᠢᠷᠤᠭᠠᠷ ᠤᠨ ᠪᠤᠷᠳᠠᠭ ᠲᠡᠭᠡᠷ᠎ᠡ ᠨᠢ ᠰᠠᠴᠤᠨ᠂  ᠪᠠᠰᠨ ᠼᠤᠤ ᠪᠠᠨ ᠰᠦᠷᠴᠢᠬᠦ ᠯᠤᠩᠬᠤᠨ ᠳᠠᠭᠠᠨ ᠬᠢᠵᠤ᠂   ᠪᠠᠭ᠎ᠠ ᠰᠦᠳᠡ ᠶᠢᠨ ᠲᠡᠭᠡᠷ᠎ᠡ ᠪᠠᠨ ᠰᠦᠷᠴᠢᠨ᠎ᠡ᠃  ᠢᠡᠭᠬᠢᠭᠡᠳ ᠬᠤᠯᠢᠮᠠᠭ ᠡᠳ᠋ ᠨᠢ ᠬᠦᠭᠡᠰᠤ ᠭᠠᠷᠬᠤ ᠪᠠᠨ ᠪᠠᠶᠢᠪᠠᠯ ᠲᠠᠬᠢᠨ ᠠᠶᠠᠭ᠎ᠠ ᠤᠬᠢᠶᠠᠳᠠᠭ ᠪᠦᠰ ᠢᠶᠠᠷ ᠠᠮᠠᠷᠬᠠᠨ ᠠᠷᠢᠯᠳᠠᠭ ᠦᠭᠡᠢ ᠪᠤᠷᠳᠠᠭ ᠢ  ᠨᠢ ᠠᠷᠴᠢᠵᠤ ᠠᠷᠢᠯᠭᠠᠨ᠎ᠠ᠃  ᠬᠠᠮᠤᠭ ᠰᠡᠭᠦᠯ ᠳᠤ ᠨᠢ ᠬᠠᠯᠠᠭᠤᠨ ᠤᠰᠤ ᠪᠡ ᠠᠶᠠᠭ᠎ᠠ ᠤᠬᠢᠶᠠᠬᠤ ᠰᠢᠩᠭᠡᠨ ᠡᠳ᠋ ᠢᠶᠠᠷ ᠲᠡᠭᠰᠢ ᠢᠷᠤᠭᠠᠷᠳᠤ ᠲᠤᠭᠤᠭ᠎ᠠ ᠶᠢᠨ ᠢᠶᠠᠨ ᠢᠷᠤᠭᠠᠷ ᠢ ᠨᠢ ᠤᠬᠢᠶᠠᠨ ᠴᠡᠪᠡᠷᠯᠡᠨ᠎ᠡ᠃              9. ᠪᠡᠶ᠎ᠡ ᠤᠬᠢᠶᠠᠬᠤ ᠭᠡᠷ ᠢ ᠴᠡᠪᠡᠷᠯᠡᠬᠦ ᠰᠦᠷᠴᠢᠭᠦᠷ ᠡᠳ᠋ ᠢ ᠦᠢᠯᠡᠳᠬᠦ᠃  ᠨᠢᠭᠡ ᠴᠤᠮᠤ ᠪᠠᠭ᠎ᠠ ᠰᠦᠳᠡ᠂  ᠬᠠᠭᠠᠰ ᠴᠤᠮᠤ ᠠᠶᠠᠭ᠎ᠠ ᠤᠬᠢᠶᠠᠬᠤ ᠰᠢᠩᠭᠡᠨ ᠡᠳ᠋᠂  ᠬᠠᠭᠠᠰ ᠴᠤᠮᠤ ᠤᠰᠤ᠂ 2 ᠬᠠᠯᠪᠠᠭ᠎ᠠ ᠴᠠᠭᠠᠨ ᠼᠤᠤ ᠶᠢ ᠬᠤᠯᠢᠵᠤ ᠬᠢᠨ ᠬᠠᠯᠪᠠᠭ᠎ᠠ ᠪᠠᠷ ᠢᠶᠠᠨ ᠬᠤᠳᠬᠤᠵᠤ᠂  ᠪᠠᠭ᠎ᠠ ᠰᠦᠳᠡ ᠶᠢ ᠨᠢ ᠪᠦᠬᠦᠨ ᠢ ᠬᠠᠶᠢᠯᠤᠭᠤᠯᠵᠤ ᠲᠠᠭᠤᠰᠬᠠᠨ᠎ᠠ᠃  ᠢᠡᠭᠬᠢᠭᠡᠳ ᠬᠤᠯᠢᠮᠠᠭ ᠡᠳ᠋ ᠢᠶᠠᠨ ᠰᠦᠷᠴᠢᠭᠦᠷ ᠯᠤᠩᠬᠤᠨ ᠳᠠᠭᠠᠨ ᠬᠢᠵᠤ᠂  ᠴᠡᠪᠡᠷᠯᠡᠬᠦ ᠴᠢᠬᠤᠯᠠᠳᠠᠢ ᠭᠠᠵᠠᠷ ᠪᠦᠬᠦᠨ ᠳᠤᠨᠢ ᠰᠦᠷᠴᠢᠨ᠂10 ᠮᠢᠨᠦ᠋ᠲ ᠪᠤᠯᠤᠭᠠᠳ ᠲᠠᠬᠢᠨ ᠵᠦᠭᠡᠯᠡᠨ ᠵᠦᠯᠭᠦᠭᠦᠷ ᠪᠤᠶᠤ ᠠᠯᠴᠢᠭᠤᠷ ᠢᠶᠠᠷ ᠠᠷᠴᠢᠵᠤ ᠵᠦᠯᠭᠦᠨ᠎ᠡ᠃              10. ᠺᠤᠹᠧ ᠪᠡ ᠴᠠᠢ ᠶᠢᠨ ᠪᠤᠷᠳᠠᠭ ᠢ ᠠᠷᠢᠯᠭᠠᠬᠤ᠃  ᠠᠳᠠᠯᠢ ᠬᠡᠮᠵᠢᠶᠡᠨ ᠤ ᠪᠠᠭ᠎ᠠ ᠰᠦᠳᠡ ᠪᠠ ᠼᠤᠤ ᠶᠢ ᠬᠤᠯᠢᠵᠤ ᠬᠢᠨ ᠴᠤᠮᠤ  ᠶᠢᠨ ᠢᠶᠠᠨ ᠪᠤᠷᠳᠠᠭ  ᠲᠠᠢ ᠭᠡᠰᠡᠭ ᠲᠤ ᠲᠦᠷᠬᠢᠨ᠂ 10 ᠮᠢᠨᠦ᠋ᠲ ᠲᠠᠯᠪᠢᠵᠤ᠂  ᠬᠤᠯᠢᠮᠠᠭ ᠡᠳ᠋ ᠨᠢ ᠬᠦᠭᠡᠰᠤ ᠭᠠᠷᠬᠤ ᠪᠠᠨ ᠵᠤᠬᠰᠤᠳᠠᠯ᠎ᠠ ᠨᠢ ᠤᠳᠠᠭᠠᠨ᠎ᠠ᠃  ᠲᠡᠭᠡᠭᠡᠳ ᠲᠠᠷᠠᠭ᠎ᠠ ᠳᠤᠨᠢ ᠨᠤᠶᠢᠳᠡᠨ ᠪᠦᠰ ᠢᠶᠠᠷ ᠠᠷᠴᠢᠨ᠎ᠡ᠃  ᠠᠷᠢᠯᠬᠤ ᠲᠤᠷ᠎ᠠ ᠦᠭᠡᠢ ᠪᠤᠷᠳᠠᠭ ᠢ ᠨᠢ ᠲᠠᠬᠢᠨ ᠲᠠᠪᠳᠡᠨ ᠬᠡᠳᠤ ᠤᠳᠠᠭ᠎ᠠ ᠲᠡᠭᠡᠷᠡᠬᠢ ᠠᠷᠭ᠎ᠠ ᠪᠠᠷ ᠠᠷᠢᠯᠭᠠᠨ᠎ᠠ᠃              ᠪᠠᠭ᠎ᠠ ᠰᠦᠳᠡ ᠪᠡ ᠼᠤᠤ ᠶᠢ ᠬᠡᠷᠡᠭᠯᠡᠬᠦ ᠳᠤ ᠪᠠᠰᠨ ᠠᠩᠬᠠᠷᠬᠤ ᠭᠠᠵᠠᠷ ᠪᠤᠢ᠃  ᠵᠢᠱᠢᠶᠡᠯᠡᠪᠡᠯ᠄  ᠴᠠᠶᠢᠷ ᠤᠨ ᠦᠢᠯᠡᠳᠭᠦᠨ᠂  ᠱᠠᠭᠠᠵᠠᠩ ᠬᠢᠴᠨ ᠲᠠᠢ᠂  ᠮᠤᠳᠤᠨ ᠪᠦᠳᠦᠴᠨ ᠲᠠᠢ ᠭᠡᠷ ᠤᠨ ᠡᠳ᠋ᠯᠡᠯ ᠡᠰᠡᠭᠦᠯ᠎ᠡ ᠭᠠᠵᠠᠷ ᠤᠨ ᠬᠠᠪᠳᠠᠰᠤ ᠵᠡᠷᠭᠡ ᠶᠢ ᠲᠡᠭᠡᠷᠡᠬᠢ ᠠᠷᠭ᠎ᠠ ᠪᠠᠷ ᠴᠡᠪᠡᠷᠯᠡᠪᠡᠯ ᠲᠤᠬᠢᠷᠠᠮᠵᠢ ᠦᠭᠡᠢ ᠪᠠᠶᠢᠵᠤ ᠡᠪᠳᠡᠷᠡᠵᠤ ᠰᠦᠢᠳᠬᠦ ᠶᠠᠪᠤᠳᠠᠯ ᠭᠠᠷᠤᠨ᠎ᠠ᠃   ᠪᠠᠰᠨ ᠮᠦᠡᠭᠭᠦᠨ ᠡᠳ᠋ᠯᠡᠯ ᠪᠡ ᠠᠯᠳᠡ ᠪᠠᠷ ᠦᠡᠭᠭᠡᠯᠡᠭᠰᠡᠨ ᠡᠳ᠋ ᠪᠤᠳᠠᠰ ᠵᠡᠷᠭᠡ ᠳᠤ ᠲᠡᠭᠡᠷᠡᠬᠢ ᠠᠷᠢᠭᠤᠳᠬᠠᠯ ᠡᠳ᠋ ᠢ ᠬᠡᠷᠡᠭᠯᠡᠬᠦ  ᠳᠡᠭᠡᠨ ᠬᠢᠴᠢᠶᠡᠬᠦ ᠪᠤᠶᠤ ᠡᠰᠡᠭᠦᠯ᠎ᠡ ᠶᠠᠭ ᠬᠡᠷᠡᠭᠯᠡᠵᠤ ᠪᠤᠯᠬᠤ ᠦᠭᠡᠢ᠃  ᠬᠡᠷᠡᠭᠯᠡᠬᠦ ᠴᠢᠬᠤᠯᠠᠳᠠᠢ ᠦᠶ᠎ᠡ ᠳᠤ ᠴᠤ ᠬᠠᠮᠤᠭ ᠰᠠᠶᠢᠨ ᠨᠢ ᠴᠠᠭᠠᠨ ᠼᠤᠤ ᠶᠢ ᠬᠡᠷᠡᠭᠯᠡᠪᠡᠯ ᠲᠤᠬᠢᠷᠠᠮᠵᠳᠠᠢ᠃  ᠪᠠᠰᠨ ᠠᠩᠬᠠᠷᠤᠭᠤᠰᠢᠳᠠᠢ ᠨᠢ ᠭᠡᠪᠡᠯ ᠠᠷᠢᠭᠤᠳᠬᠠᠯ ᠤᠨ ᠡᠳ᠋ ᠪᠤᠳᠠᠰ ᠢᠶᠠᠨ ᠬᠤᠯᠢᠵᠤ ᠦᠢᠯᠡᠳᠴᠤ ᠬᠡᠷᠡᠭᠯᠡᠬᠦ ᠳᠡᠭᠡᠨ ᠵᠠᠶᠢᠳᠠᠢ ᠰᠢᠭ᠋ ᠵᠤᠬᠰᠤᠬᠤ ᠪᠤᠶᠤ ᠡᠰᠡᠭᠦᠯ᠎ᠡ ᠠᠮᠠᠪᠴᠢ ᠵᠡᠭᠦᠵᠤ ᠪᠠᠶᠢᠭᠠᠷᠠᠢ᠃ 
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ