ᠦᠬᠢᠨ ᠲᠠᠢ ᠨᠢ ᠬᠠᠯᠳᠠᠭᠰᠠᠨ ᠳᠤ ᠡᠴᠢᠬᠡ ᠨᠢ ᠪᠠᠷᠢᠵᠦ ᠵᠤᠳᠤᠪᠠ
ᠨᠡᠶᠢᠲᠡᠯᠡᠭᠰᠡᠨ ᠴᠠᠭ᠄
2022/9/14
        ᠭᠠᠨᠰᠤ ᠶᠢᠨ ᠯᠦᠩ ᠨᠠᠨ ᠤ ᠨᠢᠭᠡ ᠡᠷᠡᠭᠲᠡᠢ ᠬᠥᠮᠥᠨ ᠵᠣᠳᠣᠵᠤ ᠬᠥᠩᠭᠡᠨ ᠰᠢᠷᠬᠠᠲᠤᠭᠤᠯᠤᠭᠰᠠᠨ ᠳᠤ ᠪᠠᠶᠢᠴᠠᠭᠠᠬᠤ ᠬᠤᠷᠢᠶ᠎ᠠ ᠲᠡᠭᠦᠨ ᠢ ᠵᠠᠭᠠᠯᠳᠤᠬᠤ ᠦᠬᠡᠢ ᠪᠠᠷ ᠲᠣᠭᠲᠠᠪᠠ᠃ ᠶᠠᠮᠠᠷ ᠤᠴᠢᠷ ᠶᠤᠮ ᠪᠤᠯ︖            ᠣᠶᠢᠷ᠎ᠠ ᠳᠤ᠂ ᠳᠤᠮᠳᠠᠳᠤ ᠤᠯᠤᠰ ᠤᠨ ᠪᠠᠶᠢᠴᠠᠭᠠᠬᠤ ᠰᠦᠯᠵᠢᠶ᠎ᠡ ᠭᠠᠨᠰᠤ ᠮᠤᠵᠢ ᠶᠢᠨ ᠯᠦᠩ ᠨᠠᠨ ᠴᠧᠩ ᠰᠢᠶᠠᠨ ᠤ ᠠᠷᠠᠳ ᠤᠨ ᠪᠠᠶᠢᠴᠠᠭᠠᠬᠤ ᠬᠤᠷᠢᠶᠠᠨ ᠤ ᠥᠯᠥ ᠵᠠᠭᠠᠯᠳᠤᠬᠤ ᠲᠣᠭᠲᠠᠭᠠᠯ ᠤᠨ ᠪᠢᠴᠢᠭ ᠢ ᠨᠡᠶᠢᠲᠡᠯᠡᠪᠡ᠄ 2021 ᠣᠨ ᠤ 12 ᠳ᠋ᠣᠭᠠᠷ ᠰᠠᠷ᠎ᠠ ᠳᠤ᠂ ᠱᠢ ᠣᠪᠣᠭᠲᠤ ᠡᠷᠡᠭᠲᠡᠢ ᠵᠠᠩ ᠣᠪᠣᠭᠲᠤ ᠶᠢᠨ ᠭᠡᠷ ᠲᠤ ᠥᠬᠢᠨ ᠢ ᠨᠢ ᠣᠯᠠᠨ ᠤᠳᠠᠭ᠎ᠠ ᠱᠠᠯᠢᠭᠯᠠᠵᠤ ᠣᠷᠣᠯᠳᠣᠬᠰᠠᠨ ᠳᠤ ᠵᠠᠩ ᠣᠪᠣᠭᠲᠤ ᠡᠨᠡ ᠡᠷᠡᠭᠳᠡᠢ ᠶᠢ ᠵᠤᠳᠤᠭᠠᠳ ᠬᠦᠨᠳᠦ ᠰᠢᠷᠬᠠᠲᠤᠭᠤᠯᠤᠭᠰᠠᠨ ᠪᠠᠶᠢᠨ᠎ᠠ᠃            ᠪᠠᠶᠢᠴᠠᠭᠠᠭᠰᠠᠨ ᠢᠶᠠᠷ᠂ 2021 ᠣᠨ ᠤ 12 ᠳ᠋ᠣᠭᠠᠷ ᠰᠠᠷ᠎ᠠ ᠶᠢᠨ 18 ᠤ ᠡᠳᠦᠷ ᠤᠨ 17 ᠴᠠᠭ ᠤᠨ ᠦᠶ᠎ᠡ ᠪᠠᠷ᠂ ᠱᠢ ᠣᠪᠣᠭᠲᠤ ᠱᠠᠯᠢᠭᠯᠠᠵᠤ ᠵᠠᠪᠬᠠᠶᠢᠷᠠᠬᠤ ᠬᠡᠳ ᠵᠠᠩ ᠣᠪᠣᠭᠲᠤ ᠳᠤ ᠪᠠᠷᠢᠬᠳᠠᠬᠰᠠᠨ ᠤ ᠳᠠᠷᠠᠭ᠎ᠠ ᠭᠠᠷᠴᠦ ᠶᠠᠪᠤᠪᠠ᠃ ᠳᠠᠷᠠᠭ᠎ᠠ ᠨᠢ ᠱᠢ ᠣᠪᠣᠭᠲᠤ ᠵᠠᠩ ᠣᠪᠣᠭᠲᠤ ᠶᠢᠨ ᠳᠤ ᠳᠠᠬᠢᠨᠲᠠ ᠢᠷᠡᠭᠰᠡᠨ ᠳᠤ ᠵᠠᠩ ᠣᠪᠣᠭᠲᠤ ᠱᠢ ᠣᠪᠣᠭᠲᠤ ᠶᠢ ᠵᠤᠳᠤᠬᠰᠠᠨ ᠪᠠᠶᠢᠨ᠎ᠠ᠃             ᠳᠣᠬᠠᠢ ᠶᠢᠨ ᠭᠠᠵᠠᠷ ᠤᠨ ᠠᠷᠠᠳ ᠤᠨ ᠪᠠᠶᠢᠴᠠᠭᠠᠬᠤ ᠬᠤᠷᠢᠶᠠᠨ ᠤ ᠦᠵᠡᠬᠦ ᠪᠠᠷ᠂ ᠵᠠᠩ ᠣᠪᠣᠭᠲᠤ ᠶᠢᠨ ᠶᠠᠯ᠎ᠠ ᠨᠢ ᠬᠥᠩᠭᠡᠨ᠂ ᠬᠡᠷᠡᠭ ᠤᠨ ᠳᠠᠷᠠᠭ᠎ᠠ ᠰᠠᠨᠠᠭᠠᠴᠢᠯᠠᠭ᠎ᠠ ᠠᠴᠠ ᠪᠠᠨ ᠶᠠᠯ᠎ᠠ ᠪᠠᠨ ᠮᠡᠳᠡᠷᠡᠵᠦ ᠰᠢᠢᠳᠬᠡᠯ ᠢ ᠬᠦᠯᠢᠶᠡᠭᠰᠡᠨ ᠪᠥᠭᠡᠳ ᠬᠤᠬᠢᠷᠠᠯ ᠠᠮᠰᠠᠬᠴᠢ ᠲᠤᠰ ᠬᠡᠷᠡᠭ ᠲᠤ ᠬᠦᠨᠳᠦ ᠶᠡᠭᠡ ᠣᠰᠣᠯ ᠪᠤᠷᠤᠭᠤ ᠲᠠᠢ ᠪᠠᠶᠢᠵᠤ᠂ ᠵᠠᠩ ᠣᠪᠣᠭᠲᠤ ᠢ ᠠᠭᠤᠴᠢᠯᠠᠭᠰᠠᠨ ᠪᠤᠯᠬᠤᠷ ᠵᠠᠩ ᠣᠪᠣᠭᠲᠤ ᠶᠢ ᠵᠠᠭᠠᠯᠳᠤᠬᠤ ᠦᠬᠡᠢ ᠪᠠᠷ ᠲᠣᠭᠲᠠᠪᠠ ᠬᠡᠵᠠᠢ᠃ 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ