ᠰᠦᠯᠵᠢᠶᠡᠴᠢᠳ ᠢ ᠬᠦᠳᠡᠯᠭᠡᠵᠦ ︽ᠮᠢᠬᠠᠴᠢᠯᠠᠨ ᠬᠠᠶᠢᠬᠤ︾ ᠠᠷᠭ᠎ᠠ ᠪᠠᠷ ᠬᠤᠯᠠᠭᠠᠶᠢᠴᠢ ᠶᠢ ᠪᠠᠷᠢᠵᠤ ᠪᠣᠯᠤᠨ᠎ᠠ ᠦᠦ︖
ᠨᠡᠶᠢᠲᠡᠯᠡᠭᠰᠡᠨ ᠴᠠᠭ᠄
2022/8/8
        ᠬᠡᠷᠡᠭ ᠤᠨ ᠵᠢᠱᠢᠶ᠎ᠡ                      ᠰᠢᠶᠤᠤ ᠯᠢᠦ ᠨᠢᠭᠡ ᠬᠤᠳᠠᠯᠳᠤᠭᠠᠨ ᠤ ᠲᠠᠯᠠᠪᠤᠷ ᠲᠤ ᠭᠠᠷ ᠤᠲᠠᠰᠤ ᠪᠠᠨ ᠭᠡᠭᠡᠪᠡ ᠂  ᠰᠢᠶᠤᠤ  ᠯᠢᠦ  ᠳᠡᠯᠭᠡᠭᠦᠷ ᠤᠨ ᠯᠠᠩᠭᠦᠶ ᠳᠤ ᠨᠡᠯᠢᠶᠡᠳ ᠤᠷᠳᠤ ᠬᠤᠭᠤᠴᠠᠭ᠎ᠠ ᠰᠠᠭᠤᠭᠰᠠᠨ ᠰᠢᠶᠤᠤ ᠸᠠᠩ ᠥᠪᠡᠷ ᠤᠨ ᠭᠠᠷ ᠤᠲᠠᠰᠤ ᠶᠢ  ᠨᠢ  ᠬᠤᠯᠠᠭᠠᠢᠯᠠᠭᠰᠠᠨ ᠭᠡᠵᠦ ᠰᠡᠵᠢᠭᠯᠡᠪᠡ᠂ ᠭᠡᠪᠡᠴᠦ ᠪᠠᠲᠤᠲᠠᠶ ᠭᠡᠷᠡᠴᠢ ᠦᠭᠡᠢ᠃ ᠨᠠᠶᠢᠵᠠ ᠰᠢᠶᠣᠣ ᠯᠢ ᠨᠢ ᠰᠦᠯᠵᠢᠶᠡᠨ ᠳᠡᠭᠡᠷ᠎ᠡ ᠰᠢᠶᠣᠣ  ᠸᠠᠩ ᠤᠨ ᠭᠡᠷᠡᠯ ᠵᠢᠷᠤᠭ ᠪᠠ ᠭᠠᠷ ᠤᠲᠠᠰᠤ ᠪᠠᠨ ᠭᠡᠭᠡᠭᠰᠡᠨ  ᠪᠠᠶᠢᠳᠠᠯ ᠤᠨ  ᠲᠤᠬᠠᠶ  ᠦᠰᠦᠭ  ᠪᠢᠴᠢᠭ ᠤᠨ  ᠮᠡᠳᠡᠭᠡ  ᠵᠠᠩᠭᠢ  ᠵᠡᠷᠭᠡ ᠶᠢ ᠨᠡᠶᠢᠲᠡᠯᠡᠵᠦ᠂ ᠰᠦᠯᠵᠢᠶᠡᠴᠢᠳ ᠢ ᠬᠦᠳᠡᠯᠭᠡᠨ ᠬᠠᠮᠲᠤ ᠪᠠᠷ ᠭᠠᠷ ᠤᠲᠠᠰᠤ ᠶᠢ ᠨᠢ ᠡᠷᠢᠬᠦ ᠰᠠᠨᠠᠯ ᠭᠠᠷᠭᠠᠵᠤ ᠥᠭᠪᠡ᠃  ᠰᠢᠶᠤᠤ ᠯᠢᠦ ︽ᠮᠢᠬᠠᠴᠢᠯᠠᠨ ᠬᠠᠶᠢᠬᠤ︾ ᠠᠷᠭ᠎ᠠ ᠪᠠᠷ ᠰᠢᠶᠤᠤ ᠸᠠᠩ ᠢ ᠡᠷᠢᠵᠦ ᠪᠣᠯᠤᠨ᠎ᠠ ᠦᠦ︖                      ᠬᠡᠷᠡᠭ ᠢᠶᠠᠷ ᠬᠠᠥᠯᠢ ᠶᠠᠷᠢᠶ᠎ᠠ                      ᠪᠣᠯᠬᠤ ᠦᠭᠡᠢ᠃ ᠢᠷᠭᠡᠨ ᠤ ᠬᠠᠥᠯᠢ ᠶᠢᠨ ᠪᠢᠴᠢᠭ ᠤᠨ ᠵᠠᠭᠤ ᠠᠷᠪᠠᠨ ᠨᠢᠭᠡᠳᠦᠭᠡᠷ ᠵᠦᠢᠯ ᠳᠤ ᠲᠣᠭᠲᠠᠭᠠᠭᠰᠠᠨ ᠨᠢ᠂ ᠪᠠᠶᠢᠭᠠᠯᠢ ᠬᠥᠮᠦᠨ ᠤ ᠬᠤᠪᠢ ᠬᠥᠮᠦᠨ ᠤ  ᠮᠡᠳᠡᠭᠡ  ᠵᠠᠩᠭᠢ ᠶᠢ  ᠬᠠᠤᠯᠢ  ᠴᠠᠭᠠᠵᠠ ᠪᠠᠷ  ᠬᠠᠮᠠᠭᠠᠯᠠᠨ᠎ᠠ᠃  ᠶᠠᠮᠠᠷᠪᠠ  ᠵᠣᠬᠢᠶᠠᠨ ᠪᠠᠶᠢᠭᠤᠯᠤᠯᠲᠠ ᠪᠠ ᠬᠤᠪᠢ ᠬᠥᠮᠦᠨ ᠪᠤᠰᠤᠳ ᠤᠨ ᠬᠤᠪᠢ ᠶᠢᠨ ᠮᠡᠳᠡᠭᠡ  ᠵᠠᠩᠭᠢ ᠶᠢ  ᠤᠯᠬᠤ  ᠴᠢᠬᠤᠯᠠᠲᠠᠢ  ᠪᠣᠯ ᠂  ᠬᠠᠤᠯᠢ ᠶᠣᠰᠣᠭᠠᠷ ᠤᠯᠬᠤ ᠬᠡᠷᠡᠭᠲᠡᠢ ᠪᠥᠭᠡᠳ  ᠮᠡᠳᠡᠭᠡ  ᠵᠠᠩᠭᠢ ᠶᠢᠨ  ᠠᠮᠤᠷ  ᠲᠦᠪᠰᠢᠨ ᠢ  ᠦᠨᠡᠨ  ᠬᠦ  ᠪᠠᠲᠤᠯᠠᠬᠤ  ᠬᠡᠷᠡᠭᠲᠡᠢ ᠂ ᠪᠤᠰᠤᠳ ᠤᠨ ᠬᠤᠪᠢ ᠶᠢᠨ ᠮᠡᠳᠡᠭᠡ   ᠵᠠᠩᠭᠢ ᠶᠢ  ᠬᠠᠤᠯᠢ  ᠪᠤᠰᠤ ᠪᠠᠷ  ᠴᠤᠭᠯᠠᠭᠤᠯᠵᠤ ᠂  ᠬᠡᠷᠡᠭᠯᠡᠵᠦ ᠂  ᠨᠠᠶᠢᠷᠠᠭᠤᠯᠵᠤ ᠂ ᠳᠠᠮᠵᠢᠭᠤᠯᠵᠤ ᠪᠣᠯᠬᠤ ᠦᠭᠡᠢ᠂ ᠪᠤᠰᠤᠳ ᠤᠨ ᠬᠤᠪᠢ ᠶᠢᠨ ᠮᠡᠳᠡᠭᠡ  ᠵᠠᠩᠭᠢ ᠶᠢ  ᠬᠠᠤᠯᠢ  ᠪᠤᠰᠤ ᠪᠠᠷ  ᠬᠤᠳᠠᠯᠳᠤᠭᠠᠯᠠᠬᠤ ᠂ ᠬᠠᠩᠭᠠᠬᠤ ᠪᠤᠶᠤ ᠢᠯᠡ ᠪᠣᠯᠭᠠᠵᠤ ᠪᠣᠯᠬᠤ ᠦᠭᠡᠢ᠃ 
ᠢᠷᠡᠯᠲᠡ᠄ ᠠᠷᠠᠳ ᠤᠨ ᠰᠦᠯᠵᠢᠶ᠎ᠡ