2022  ᠤᠨ  ᠤ ᠮᠢᠩᠭᠠᠨ  ᠰᠢᠶᠠᠩ  ᠲᠦᠮᠡᠨ  ᠲᠤᠰᠬᠤᠨ  ᠳᠤ  ᠴᠠᠭ‌ᠠᠭᠤᠷ ᠤᠨ ᠰᠢᠨᠵᠢᠯᠡᠭᠦ ᠤᠬᠠᠭᠠᠨ ᠢ ᠲᠦᠭᠡᠮᠡᠯᠵᠢᠭᠦᠯᠬᠦ  ᠠᠵᠢᠯᠯᠠᠭ᠎ᠠ ᠡᠬᠢᠯᠡᠪᠡ
ᠨᠡᠶᠢᠲᠡᠯᠡᠭᠰᠡᠨ ᠴᠠᠭ᠄
2022/8/2
        7 ᠳ᠋ᠤᠭᠠᠷ ᠰᠠᠷ᠎ᠠ ᠶᠢᠨ 26 ᠤ ᠡᠳᠦᠷ᠂ ᠲᠤᠮᠳᠠᠳᠦ ᠤᠯᠤᠰ ᠤᠨ ᠴᠠᠭ ᠠᠭᠤᠷ ᠤᠨ ᠲᠤᠪᠴᠢᠶ᠎ᠠ ᠶᠢᠨ  ᠴᠠᠭ  ᠠᠭᠤᠷ‌‍ᠤᠨ ᠤᠬᠠᠭᠤᠯᠭ᠎ᠠ ᠬᠢᠭᠡᠳ ᠰᠢᠨᠵᠢᠯᠡᠭᠦ ᠤᠬᠠᠭᠠᠨ ᠢ ᠲᠦᠭᠡᠮᠡᠯᠵᠢᠭᠦᠯᠬᠦ ᠲᠦᠪ᠂ ᠦᠪᠦᠷ ᠮᠤᠩᠭᠤᠯ  ᠤᠨ  ᠦᠪᠡᠷᠲᠡᠭᠡᠨ  ᠵᠠᠰᠠᠬᠤ‌ᠤᠷᠤᠨ ᠤ ᠴᠠᠭ ᠠᠭᠤᠷ ᠤᠨ ᠲᠤᠪᠴᠢᠶ᠎ᠠ᠂ ᠦᠪᠡᠷᠲᠡᠭᠡᠨ ᠵᠠᠰᠠᠬᠤ ᠤᠷᠤᠨ ᠤ ᠰᠢᠨᠵᠢᠯᠡᠬᠦ ᠤᠬᠠᠭᠠᠨ ᠮᠡᠷᠭᠡᠵᠢᠯ ᠤᠨ ᠨᠡᠶᠢᠭᠡᠮᠯᠢᠭ᠂ᠦᠪᠡᠷᠲᠡᠭᠡᠨ ᠵᠠᠰᠠᠬᠤ ᠤᠷᠤᠨ ᠤ ᠴᠠᠭ ᠠᠭᠤᠷ ᠤᠨ ᠰᠢᠨᠵᠢᠯᠡᠭᠡᠨ ᠤ ᠨᠡᠶᠢᠭᠡᠮᠯᠢᠭ᠂ ᠪᠤᠭᠤᠳᠦ ᠬᠤᠲᠠ ᠶᠢᠨ ᠠᠷᠠᠳ   ᠤᠨ  ᠵᠠᠰᠠᠭ‌‍ᠤᠨ ᠤᠷᠳᠤᠨ ᠠᠴᠠ ᠬᠠᠮᠲᠤᠷᠠᠨ ᠡᠷᠬᠢᠯᠡᠭᠰᠡᠨ 2022 ᠤᠨ ᠤ ︽ᠮᠢᠩᠭᠠᠨ ᠰᠢᠶᠠᠩ ᠲᠦᠮᠡᠨ ᠲᠤᠰᠬᠤᠨ ᠳᠤ ᠴᠠᠭ ᠠᠭᠤᠷ ‍ᠤᠨ‌‍ᠰᠢᠨᠵᠢᠯᠡᠭᠦ ᠤᠬᠠᠭᠠᠨ ᠢ ᠲᠦᠭᠡᠮᠡᠯᠵᠢᠭᠦᠯᠬᠦ ᠲᠠᠯ᠎ᠠ ᠨᠤᠳᠤᠭ ᠤᠨ ᠠᠶᠠᠯᠠᠯ︾ ᠤᠨ ᠠᠵᠢᠯᠯᠠᠭ᠎ᠠ  ᠪᠤᠭᠤᠳᠦ  ᠬᠤᠲᠠ  ᠶᠢᠨ  ᠭᠦᠶᠠᠩ‌‍ᠰᠢᠶᠠᠨ ᠳᠤ ᠡᠬᠢᠯᠡᠪᠡ᠃                ︽ᠮᠢᠩᠭᠠᠨ ᠰᠢᠶᠠᠩ ᠲᠦᠮᠡᠨ  ᠲᠤᠰᠬᠤᠨ  ᠳᠤ  ᠴᠠᠭ  ᠠᠭᠤᠷ  ᠤᠨ  ᠰᠢᠨᠵᠢᠯᠡᠭᠦ  ᠤᠬᠠᠭᠠᠨ  ᠢ  ᠲᠦᠭᠡᠮᠡᠯᠵᠢᠭᠦᠯᠬᠦ‌ᠠᠵᠢᠯᠯᠠᠭ᠎ᠠ︾ ᠪᠤᠯ ᠲᠤᠮᠳᠠᠳᠦ ᠤᠯᠤᠰ ᠤᠨ ᠴᠠᠭ ᠠᠭᠤᠷ ᠤᠨ ᠲᠤᠪᠴᠢᠶ᠎ᠠ᠂  ᠰᠢᠨᠵᠢᠯᠡᠬᠦ  ᠤᠬᠠᠭᠠᠨ  ᠮᠡᠷᠭᠡᠵᠢᠯ  ᠤᠨ  ᠶᠠᠮᠤᠨ᠂ᠳᠤᠮᠳᠠᠳᠦ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠨᠡᠶᠢᠭᠡᠮᠯᠢᠭ ᠤᠨ ᠪᠦᠬᠦ ᠤᠯᠤᠰ ᠤᠨ ᠬᠡᠪᠴᠢᠶᠡᠨ ᠳᠤ  ᠦᠷᠨᠢᠬᠦᠯᠵᠤ‌‍ᠪᠡᠶᠢᠭ᠎ᠠ ᠲᠤᠮᠤ ᠬᠡᠯᠪᠡᠷᠢ ᠶᠢᠨ ᠰᠢᠨᠵᠢᠯᠡᠬᠦ ᠤᠬᠠᠭᠠᠨ ᠲᠦᠭᠡᠮᠡᠯᠵᠢᠭᠦᠯᠬᠦ ᠠᠵᠢᠯᠯᠠᠭ᠎ᠠ ᠮᠥᠨ᠂ ︽ᠴᠠᠭ  ᠠᠭᠤᠷ  ᠤᠨ  ᠭᠠᠮᠰᠢᠭ  ᠢ‌‍ᠰᠡᠷᠭᠡᠶᠢᠯᠡᠨ᠂ ᠭᠠᠮᠰᠢᠭ ᠢ ᠪᠠᠭᠠᠰᠬᠠᠬᠤ ᠶᠢ ᠤᠬᠠᠭᠤᠯᠬᠤ ᠰᠢᠨᠵᠢᠯᠡᠬᠦ ᠤᠬᠠᠭᠠᠨ ᠲᠦᠭᠡᠮᠡᠯᠵᠢᠭᠦᠯᠬᠦ  ᠠᠵᠢᠯᠯᠠᠭ᠎ᠠ︾  ᠪᠤᠯ  ᠮᠠᠨ  ‍ᠤ‌ᠤᠷᠤᠨ  ᠤ ᠲᠦᠷᠪᠡᠨ ᠵᠢᠯ ᠳᠠᠷᠠᠭᠠᠯᠠᠨ  ᠦᠷᠨᠢᠭᠦᠯᠦᠭᠰᠡᠨ  ᠤᠨᠴᠠᠯᠢᠭ  ᠪᠦᠬᠦᠢ  ᠨᠡᠷᠡᠲᠦ  ᠲᠡᠮᠳᠡᠭᠲᠦ  ᠠᠵᠢᠯᠯᠠᠭ᠎ᠠ  ᠪᠤᠯᠤᠨ᠎ᠠ᠃ᠠᠵᠢᠯᠯᠡᠭᠠᠠ ᠤ ᠶᠠᠪᠤᠴᠠ ᠳᠤ᠂ ᠡᠯ᠎ᠡ ᠰᠠᠯᠠᠭ᠎ᠠ ᠮᠦᠴᠢᠷ ᠤᠨ ᠰᠢᠨᠵᠢᠯᠡᠭᠦ ᠤᠬᠠᠭᠠᠨ ᠢ ᠲᠦᠭᠡᠮᠡᠯᠵᠢᠭᠦᠯᠬᠦ  ᠲᠡᠷᠭᠡ᠂  ᠴᠠᠭ  ᠠᠭᠤᠷ‌‍ᠤᠨ ᠰᠢᠯᠵᠢᠮᠡᠯ ᠦᠷᠳᠡᠭᠡ᠂ ᠬᠦᠮᠦᠨ ᠤ ᠬᠦᠴᠦᠨ ᠢᠶᠠᠷ ᠪᠤᠷᠤᠭᠠᠨ ᠤᠷᠤᠭᠤᠯᠬᠤ ᠠᠵᠢᠯᠯᠠᠭᠠᠨ  ᠤ  ᠲᠦᠬᠦᠭᠡᠷᠤᠮᠵᠢ  ᠶᠢ  ᠳᠡᠯᠭᠡᠨ‌ᠦᠵᠡᠭᠦᠯᠬᠦ᠂ ᠦᠵᠡᠭᠦᠯᠭᠡ ᠶᠢᠨ ᠰᠠᠮᠪᠠᠷ᠎ᠠ ᠭᠠᠷᠭᠠᠬᠤ᠂ ᠰᠢᠨᠵᠢᠯᠡᠬᠦ ᠤᠬᠠᠭᠠᠨ  ᠢ  ᠲᠦᠭᠡᠮᠡᠯᠵᠢᠭᠦᠯᠬᠦ  ᠮᠠᠲ᠋ᠧᠷᠢᠶᠠᠯ  ᠲᠠᠷᠬᠠᠭᠠᠬᠤ᠂ᠲᠤᠬᠠᠢ ᠶᠢᠨ ᠲᠠᠯᠠᠪᠤᠷ ᠲᠤ ᠤᠬᠠᠭᠤᠯᠤᠨ ᠲᠠᠶᠢᠯᠪᠤᠷᠢᠯᠠᠬᠤ ᠵᠡᠷᠭᠡ ᠬᠡᠯᠪᠡᠷᠢ ᠪᠠᠷ ᠬᠦᠮᠦᠰ ᠲᠤ ᠡᠯ᠎ᠡ ᠵᠦᠢᠯ ᠤᠨ ᠴᠠᠭ ᠠᠭᠤᠷ  ‍ᠤᠨ‌ᠭᠠᠮᠰᠢᠭ ᠵᠢᠴᠢ ᠭᠠᠮᠰᠢᠭ ᠢ ᠰᠡᠷᠭᠡᠶᠢᠯᠡᠬᠦ᠂ ᠭᠠᠮᠰᠢᠭ ᠢ ᠪᠠᠭᠠᠰᠬᠠᠬᠤ ᠶᠡᠷᠦ ᠶᠢᠨ ᠮᠡᠳᠡᠯᠭᠡ ᠶᠢ ᠲᠠᠨᠢᠯᠴᠡᠭᠤᠯᠳᠠᠭ᠃                
ᠢᠷᠡᠯᠲᠡ᠄ ᠦᠪᠣᠷ ᠮᠣᠩᠭᠤᠯ ᠤᠨ ᠮᠣᠩᠭᠤᠯ ᠷᠠᠳᠢᠣ᠋