ᠳᠡᠯᠡᠬᠡᠢ ᠶᠢᠨ ᠬᠥᠮᠥᠰ ᠶᠠᠳᠠᠭᠤᠷᠠᠵᠤ ᠪᠠᠶᠢᠨ᠎ᠠ
ᠨᠡᠶᠢᠲᠡᠯᠡᠭᠰᠡᠨ ᠴᠠᠭ᠄
2022/7/18
        ᠷᠦᠲ᠋ᠧᠷ ᠬᠤᠷᠢᠶ᠎ᠠ ᠶᠢᠨ ᠮᠡᠳᠡᠭᠡ ᠶᠢ ᠦᠨᠳᠦᠰᠦᠯᠡᠪᠡᠯ᠂ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ  ᠨᠡᠭᠡᠭᠡᠨ ᠬᠥᠭᠵᠢᠭᠦᠯᠬᠦ ᠲᠥᠯᠦᠪᠵᠢᠭᠦᠯᠭᠡ ᠶᠢᠨ  ᠵᠠᠬᠢᠷᠭᠠᠨ ᠤ  ᠰᠡᠭᠦᠯ  ᠤᠨ  ᠦᠶ᠎ᠡ ᠶᠢᠨ  ᠮᠡᠳᠡᠭᠦᠯᠦᠯᠲᠡ ᠳᠤ  ᠵᠢᠭᠠᠬᠤ ᠳᠠᠭᠠᠨ᠂ ᠪᠥᠬᠦ ᠳᠡᠯᠡᠬᠡᠶ ᠶᠢᠨ ᠬᠡᠪᠴᠢᠶᠡᠨ ᠳᠤ  ᠠᠮᠢᠳᠤᠷᠠᠯ ᠤᠨ  ᠥᠪᠡᠷ ᠤᠨ  ᠥᠷᠲᠡᠭ ᠤᠨ  ᠬᠢᠮᠤᠷᠠᠯ  ᠬᠡᠴᠡᠭᠦᠳᠡᠵᠦ᠂ ᠲᠦᠢᠯ ᠤᠨ  ᠶᠠᠳᠠᠭᠤ ᠬᠦᠴᠢᠷᠲᠡᠢ ᠬᠥᠮᠦᠨ ᠠᠮᠠ ᠲᠦᠷᠭᠡᠨ ᠣᠯᠠᠰᠢᠷᠠᠵᠤ᠂ ᠳᠡᠯᠡᠬᠡᠶ ᠳᠡᠭᠡᠷᠡᠬᠢ ᠬᠠᠮᠤᠭ ᠤᠨ ᠶᠠᠳᠠᠭᠤ ᠬᠦᠴᠢᠷᠲᠡᠢ ᠤᠯᠤᠰ ᠤᠨ 7100 ᠲᠦᠮᠡᠨ ᠠᠷᠠᠳ ᠢᠷᠭᠡᠳ ᠲᠦᠢᠯ ᠤᠨ ᠶᠠᠳᠠᠭᠤ ᠵᠦᠳᠡᠭᠦᠦ ᠪᠣᠯᠣᠭᠠᠳ ᠪᠠᠶᠢᠨ᠎ᠠ ᠭᠡᠯ᠎ᠡ᠃             ᠣᠯᠠᠨ  ᠤᠯᠤᠰ ᠤᠨ  ᠬᠤᠯᠪᠣᠭᠠᠲᠤ  ᠪᠠᠶᠢᠭᠤᠯᠭ᠎ᠠ ᠶᠢᠨ  ᠨᠡᠶᠢᠲᠡᠯᠡᠭᠰᠡᠨ  ᠮᠡᠳᠡᠭᠦᠯᠦᠯᠲᠡ ᠳᠤ  ᠲᠡᠮᠳᠡᠭᠯᠡᠬᠦ   ᠳᠡᠭᠡᠨ᠂ ᠣᠳᠣᠬᠠᠨ ᠳᠤ ᠠᠮᠢᠳᠤᠷᠠᠯ ᠤᠨ ᠥᠪᠡᠷ ᠤᠨ ᠥᠷᠲᠡᠭ ᠤᠨ ᠬᠢᠮᠤᠷᠠᠯ ᠠᠴᠠ ᠪᠣᠯᠵᠤ 5100 ᠭᠠᠷᠤᠶ ᠲᠦᠮᠡᠨ  ᠬᠥᠮᠦᠨ  ᠡᠳᠦᠷ ᠪᠦᠷᠢ ᠵᠥᠪᠬᠡᠨ 1.9 ᠳ᠋ᠣᠯᠯᠠᠷ ᠤᠨ ᠵᠠᠷᠤᠳᠠᠯ ᠢᠶᠠᠷ ᠲᠦᠢᠯ ᠤᠨ  ᠶᠠᠳᠠᠭᠤ  ᠵᠦᠳᠡᠭᠦᠦ  ᠠᠮᠢᠳᠤᠷᠠᠵᠤ  ᠮᠡᠳᠡᠬᠦ  ᠪᠥᠭᠡᠳ  ᠪᠠᠰᠠ 2000 ᠲᠦᠮᠡᠨ ᠬᠥᠮᠦᠨ ᠡᠳᠦᠷ ᠪᠦᠷᠢ 3.2 ᠳ᠋ᠣᠯᠯᠠᠷ ᠤᠨ  ᠵᠠᠷᠤᠳᠠᠯ ᠢᠶᠠᠷ  ᠶᠠᠳᠠᠭᠤ  ᠵᠦᠳᠡᠭᠦᠦ  ᠠᠮᠢᠳᠤᠷᠠᠵᠤ  ᠮᠡᠳᠡᠨ᠎ᠡ᠃ ᠳᠡᠯᠡᠬᠡᠢ ᠶᠢᠨ  17  ᠳ᠋ᠦᠩᠰᠢᠭᠤᠷ  ᠭᠠᠷᠤᠢ  ᠠᠷᠠᠳ  ᠢᠷᠭᠡᠳ  ᠠᠮᠢᠳᠤᠷᠠᠯ ᠤᠨ  ᠥᠪᠡᠷ ᠤᠨ  ᠦᠷᠳᠡᠭ ᠤᠨ  ᠬᠢᠮᠤᠷᠠᠯ ᠳᠤ ᠨᠥᠯᠥᠭᠡᠯᠡᠭᠳᠡᠬᠦ ᠪᠣᠯᠤᠨ᠎ᠠ ᠭᠡᠵᠡᠢ᠃ 
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ