ᠲᠡᠷᠲᠡᠭᠡ ᠬᠤᠯᠠ ᠶᠢᠨ ᠤᠳᠬ᠎ᠠ ᠵᠤᠬᠢᠶᠠᠯ ᠤᠨ ᠦᠵᠡᠮᠵᠢ
ᠨᠡᠶᠢᠲᠡᠯᠡᠭᠰᠡᠨ ᠴᠠᠭ᠄
2022/11/8
     — ᠲᠤᠮᠲᠠᠲᠦ ᠤᠯᠤᠰ ᠤᠨ ᠡᠷᠲᠡᠨ ᠤ ᠤᠳᠭ᠎ᠠ ᠵᠤᠬᠢᠶᠠᠯ ᠤᠨ ᠤᠨᠤᠯ ᠦᠬᠦᠯᠡᠬᠦᠢ ᠶᠢᠨ ᠲᠤᠭᠤᠷᠢᠨ ᠳᠤ           ᠲᠤᠮᠲᠠᠲᠦ ᠤᠯᠤᠰ ᠤᠨ ᠡᠷᠲᠡᠨ ᠤ ᠤᠳᠭ᠎ᠠ ᠵᠤᠬᠢᠶᠠᠯ ᠤᠨ ᠤᠨᠤᠯ ᠦᠭᠦᠯᠡᠬᠦᠢ ᠪᠤᠯ ᠤᠷᠲᠦ ᠤᠵᠠᠭᠤᠷ ᠰᠤᠶᠤᠯ ᠤᠬᠠᠭᠠᠨ ᠤ ᠷᠢᠳᠢ ᠰᠢᠳᠢ ᠶᠤᠮ᠃ ᠲᠡᠷᠡ ᠨᠢ ᠨᠠᠮᠤᠭᠤ ᠡᠶᠡᠯᠳᠡᠭ᠂ ᠦᠯᠡᠮᠵᠢ ᠪᠠᠶᠠᠯᠢᠭ᠂ ᠬᠦᠨ ᠲᠠᠯᠲᠠ ᠪᠦᠬᠦᠨ ᠢ ᠪᠠᠭᠲᠠᠭᠠᠭᠰᠠᠨ ᠪᠦᠬᠡᠳ ᠰᠢᠯᠦ᠋ᠭ ᠤᠨ ᠰᠠᠨᠠᠭ᠎ᠠ ᠠᠬᠤᠢ ᠶᠢ ᠠᠭᠤᠯᠦ᠋ᠭᠰᠠᠨ ᠤᠨᠤᠯ ᠦᠬᠦᠯᠡᠬᠦᠢ ᠪᠤᠯᠤᠨ᠎ᠠ᠃ ᠲᠡᠭᠦᠨ ᠤ ᠠᠭᠤᠯᠭ᠎ᠠ ᠠᠴᠠ ᠦᠵᠡᠪᠡᠯ᠂ ᠡᠷᠲᠡᠨ ᠤ ᠤᠳᠭ᠎ᠠ ᠵᠤᠬᠢᠶᠠᠯ ᠤᠨ ᠤᠨᠤᠯ ᠦᠭᠦᠯᠡᠬᠦᠢ ᠶᠢᠨ ᠰᠤᠶᠤᠯ ᠤᠨ ᠠᠷᠦ ᠦᠵᠡᠮᠵᠢ᠂ ᠪᠢᠴᠢᠭ ᠤᠨ ᠰᠤᠷᠭᠠᠯᠲᠠᠨ ᠤ ᠰᠤᠶᠤᠯ᠂ ᠪᠤᠮᠪᠦ ᠶᠢᠨ ᠰᠤᠷᠭᠠᠯᠲᠠᠨ ᠤ ᠰᠤᠶᠤᠯ ᠵᠢᠴᠢ ᠭᠦᠨ ᠤᠬᠠᠭᠠᠨ ᠤ ᠰᠠᠭᠤᠷᠢᠨ ᠳᠠᠬᠢ ᠡᠷᠲᠡᠨ ᠤ ᠤᠳᠭ᠎ᠠ ᠵᠤᠬᠢᠶᠠᠯ ᠤᠨ ᠡᠬᠢ ᠡᠭᠦᠰᠦᠯ᠂ ᠡᠷᠲᠡᠨ ᠤ ᠤᠳᠭ᠎ᠠ ᠵᠤᠬᠢᠶᠠᠯ ᠤᠨ ᠬᠡᠯᠪᠡᠷᠢ ᠰᠢᠨᠵᠢ᠂ ᠵᠤᠬᠢᠶᠠᠨ ᠪᠦᠲᠦᠭᠡᠯᠭᠡ ᠶᠢᠨ ᠰᠡᠳᠭᠢᠮᠵᠢ᠂ ᠪᠤᠲᠠᠲᠠᠢ ᠵᠤᠬᠢᠶᠠᠨ ᠪᠦᠲᠦᠭᠡᠯᠭᠡ ᠶᠢᠨ ᠠᠷᠭ᠎ᠠ ᠠᠪᠴᠢᠯ᠂ ᠤᠳᠭ᠎ᠠ ᠵᠤᠬᠢᠶᠠᠯ ᠤᠨ ᠳᠦᠷᠢ ᠶᠢ ᠪᠦᠲᠦᠭᠡᠨ ᠪᠠᠶᠢᠭᠤᠯᠬᠤ ᠭᠤᠸ᠎ᠠ ᠵᠦᠢ ᠶᠢᠨ ᠵᠠᠷᠴᠢᠮ ᠴᠢᠨᠠᠭᠰᠢᠯᠠᠭᠠᠳ ᠵᠤᠬᠢᠶᠠᠯ ᠪᠦᠲᠤᠭᠡᠯ ᠤᠨ ᠬᠡᠪ ᠨᠠᠮᠪᠠ ᠵᠡᠷᠭᠡ ᠠᠰᠠᠭᠤᠳᠠᠯ ᠤᠳ ᠢ ᠬᠠᠮᠤᠷᠤᠭᠤᠯᠦ᠋ᠨ ᠰᠤᠳᠤᠯᠳᠠᠭ᠃ ᠡᠶᠢᠮᠦ ᠠᠴᠠ ᠤᠷᠲᠦ ᠤᠳᠠᠭᠠᠨ ᠲᠡᠦᠭᠡ ᠶᠢᠨ ᠠᠬᠢᠴᠠ ᠲᠤᠮᠳᠠ᠂ ᠲᠡᠷᠡ ᠪᠤᠯ ᠦᠨᠳᠦᠰᠦᠲᠡᠨ ᠤ ᠤᠯᠠᠮᠵᠢᠯᠠᠯᠲᠦ ᠰᠣᠶᠤᠯ ᠪᠤᠯᠤᠨ ᠲᠤᠷᠤᠨᠠᠳᠠᠬᠢᠨ ᠤ ᠭᠤᠸ᠎ᠠ ᠵᠦᠢ ᠶᠢᠨ ᠤᠨᠴᠠᠯᠢᠭ ᠢ ᠢᠯᠡᠷᠡᠭᠦᠯᠵᠦ᠂ ᠲᠤᠮᠲᠠᠲᠦ ᠶᠢᠨ ᠡᠷᠲᠡᠨ ᠤ ᠦᠩᠭᠡ ᠢᠯᠭᠠᠷᠠᠮ᠎ᠠ᠂ ᠭᠡᠭᠡᠨᠴᠢᠷ ᠰᠠᠶᠢᠬᠠᠨ ᠤᠷᠠᠨ ᠵᠤᠬᠢᠶᠠᠯ ᠤᠨ ᠤᠯᠪᠠᠭ᠎ᠠ ᠪᠠ ᠠᠳᠠᠯᠢ ᠪᠤᠰᠦ ᠲᠡᠤᠬᠡᠨ ᠴᠠᠭ ᠦᠶ᠎ᠡ ᠳᠠᠬᠢ ᠠᠳᠠᠯᠢ ᠪᠤᠰᠦ ᠰᠲ᠋ᠢᠯᠢ ᠪᠠ ᠤᠳᠭ᠎ᠠ ᠵᠤᠬᠢᠶᠠᠯ ᠤᠨ ᠦᠵᠡᠯ ᠰᠠᠨᠠᠭᠠᠨ ᠤ ᠬᠦᠭᠵᠢᠯᠲᠡ ᠶᠢᠨ ᠦᠷ᠎ᠡ ᠰᠢᠮ᠎ᠡ ᠶᠢ ᠪᠦᠷᠢᠯᠳᠦᠭᠦᠯᠦ᠋ᠭᠰᠡᠨ ᠤᠨᠦᠯ ᠦᠭᠦᠯᠡᠬᠦᠢ ᠪᠤᠯᠬᠤ ᠶᠤᠮ᠃           ︽ᠶᠤᠰᠦᠨ︾ ᠤ ᠵᠢᠲᠢᠨᠴᠦ ᠬᠢᠭᠡᠳ ︽ᠴᠢᠪᠬᠠᠳᠠᠰᠦᠨ︾ ᠤ ᠭᠠᠳᠠᠨᠠᠬᠢ ᠠᠶ᠎ᠠ             ᠲᠤᠮᠲᠠᠲᠦ ᠤᠯᠦ᠋ᠰ ᠤᠨ ᠡᠷᠲᠡᠨ ᠤ ᠤᠳᠭ᠎ᠠ ᠵᠤᠬᠢᠶᠠᠯ ᠤᠨ ᠲᠤᠬᠠᠢ ᠬᠤᠶᠠᠷ ᠵᠦᠢᠯ ᠤᠨ ᠬᠡᠯᠡᠯᠭᠡ ᠪᠤᠢ᠃ ᠲᠡᠷᠨ ᠨᠢ ᠠᠳᠠᠯᠢ ᠪᠤᠰᠦ ᠲᠠᠯ᠎ᠠ ᠪᠠᠷ ᠪᠢᠴᠢᠭ ᠤᠨ ᠰᠤᠷᠭᠠᠯ ᠪᠠ ᠪᠤᠮᠪᠦ ᠶᠢᠨ ᠰᠤᠷᠭᠠᠯ ᠤᠨ ᠲᠤᠬᠠᠢ ᠭᠦᠨ ᠤᠬᠠᠭᠠᠨ ᠤ ᠦᠵᠡᠯᠲᠡ ᠪᠠ ᠤᠳᠭ᠎ᠠ ᠵᠤᠬᠢᠶᠠᠯ ᠤᠨ ᠤᠶᠢᠯᠠᠭᠠᠭᠳᠠᠬᠤᠨ ᠢ ᠲᠠᠶᠢᠯᠪᠦᠷᠢᠯᠠᠭᠰᠠᠨ ᠶᠤᠮ᠃ ᠪᠢᠴᠢᠭ ᠤᠨ ᠰᠤᠷᠭᠠᠯᠲᠠᠨ ᠠᠴᠠ ᠦᠵᠡᠬᠦ ᠳᠤ᠂ ᠤᠳᠭ᠎ᠠ ᠵᠤᠬᠢᠶᠠᠯ ᠨᠢ ᠶᠤᠰᠦ ᠰᠤᠷᠲᠠᠬᠤᠨ ᠤ ᠰᠤᠷᠭᠠᠨ ᠬᠦᠮᠦᠵᠢᠭᠦᠯᠬᠦ ᠦᠢᠯᠡᠳᠦᠯ ᠪᠠ ᠭᠤᠨᠢᠵᠦ ᠭᠤᠳᠤᠷᠠᠬᠤ᠂ ᠶᠦᠭᠡᠳᠡᠵᠦ ᠢᠳᠬᠠᠬᠤ ᠪᠠ ᠡᠶᠡᠯᠰᠡᠭ ᠵᠦᠭᠡᠯᠡᠨ᠂ ᠦᠨᠡᠨᠴᠢ ᠰᠢᠳᠤᠷᠭᠤ ᠬᠡᠪ ᠨᠠᠮᠪᠠ ᠶᠢ ᠴᠢᠬᠤᠯᠠᠴᠢᠯᠠᠳᠠᠭ᠃ ᠡᠬᠦᠨ ᠳᠤ᠂ ᠺᠦᠩᠽᠢ ᠶᠢᠨ ᠰᠢᠯᠦ᠋ᠭ ᠤᠨ ᠤᠬᠠᠭᠠᠨ ᠤ ᠤᠨᠤᠯ ᠨᠢ ᠰᠢᠯᠦ᠋ᠭ ᠢᠶᠠᠷ ᠰᠤᠷᠭᠠᠬᠤ ᠪᠠ ᠤᠨᠤᠯ ᠦᠭᠦᠯᠡᠬᠦᠢ ᠶᠢᠨ ᠠᠷᠭ᠎ᠠ ᠪᠤᠳᠤᠯᠭ᠎ᠠ ᠪᠠᠷ ᠰᠢᠯᠦ᠋ᠭ ᠢ ᠪᠦᠲᠦᠭᠡᠨ ᠬᠡᠷᠡᠭᠯᠡᠳᠡᠭ᠃ ᠤᠨᠤᠯ ᠦᠭᠦᠯᠡᠬᠦᠢ ᠶᠢᠨ ᠰᠤᠶᠤᠯ ᠤᠨ ᠠᠭᠤᠯᠬᠤᠨ ᠤ ᠴᠢᠬᠤᠯᠠ ᠠᠭᠤᠯᠭ᠎ᠠ ᠪᠤᠯ ᠳᠠᠷᠦᠢ ᠰᠤᠷᠭᠠᠬᠤᠢ ᠤᠨᠤᠯ ᠭᠡᠵᠦ᠂ ᠲᠡᠷᠨ ᠨᠢ ᠤᠳᠭ᠎ᠠ ᠵᠤᠬᠢᠶᠠᠯ ᠤᠨ ᠰᠢᠨᠵᠢ ᠴᠢᠨᠠᠷ ᠪᠤᠯᠤᠨ ᠤᠶᠢᠯᠡᠳᠦᠯ ᠢ ᠡᠩ ᠲᠡᠷᠢᠬᠦᠨ ᠳᠤ ᠤᠯᠤᠰ ᠲᠦᠷᠦ ᠪᠠ ᠶᠤᠰᠦ ᠰᠤᠷᠳᠠᠬᠤᠨ ᠤ ᠲᠠᠪᠬᠤᠷᠭ᠎ᠠ ᠳᠤ ᠲᠤᠭᠳᠠᠭᠠᠨ ᠪᠠᠶᠢᠷᠢᠰᠢᠭᠤᠯᠵᠦ᠂ ᠤᠳᠭ᠎ᠠ ᠵᠤᠬᠢᠶᠠᠯ ᠤᠨ ᠵᠤᠬᠢᠶᠠᠨ ᠪᠦᠲᠦᠭᠡᠯᠭᠡ ᠳᠤ ᠬᠦᠷᠲᠡᠭᠡᠬᠦ ᠪᠠ ᠤᠯᠠᠮᠵᠢᠯᠠᠬᠤ ᠶᠢ ᠡᠷᠬᠢᠮᠯᠡᠳᠡᠭ᠃ ᠤᠭ ᠶᠤᠰᠦ ᠪᠠᠨ ᠤᠯᠠᠮᠵᠢᠯᠬᠠᠤ᠂ ᠮᠤᠷᠠᠯ ᠲᠠᠢ ᠪᠤᠯᠬᠤ᠂ ᠭᠠᠪᠢᠶ᠎ᠠ ᠪᠠᠶᠢᠭᠤᠯᠬᠤ᠂ ᠮᠡᠷᠭᠡᠨ ᠦᠭᠡ ᠵᠤᠬᠢᠶᠠᠬᠤ ᠵᠡᠷᠭᠡ ᠤᠬᠠᠭᠠᠨ ᠪᠠ ᠠᠷᠭ᠎ᠠ ᠪᠤᠳᠤᠯᠭ᠎ᠠ ᠵᠡᠷᠭᠡ ᠨᠢ ᠴᠦᠮ ᠲᠡᠬᠦᠨ ᠤ ᠤᠨᠤᠯᠵᠢᠬᠤᠨ ᠤᠬᠠᠭᠳᠠᠬᠤᠨ ᠪᠤᠯᠤᠭᠰᠠᠨ ᠪᠢᠯᠡ᠃     ᠲᠡᠭᠡᠭᠦᠯᠡᠷ᠂ ᠡᠷᠲᠡᠨ ᠤ ᠤᠳᠭ᠎ᠠ ᠵᠤᠬᠢᠶᠠᠯ ᠤᠨ ᠤᠨᠤᠯᠵᠢᠬᠤᠨ ᠤ ᠤᠯᠠᠩᠭᠢ ᠨᠢ ᠵᠤᠬᠢᠶᠠᠯ ᠪᠦᠲᠤᠭᠡᠯ ᠢ ᠰᠢᠭᠦᠮᠵᠢᠯᠡᠬᠦ ᠳᠤ ᠤᠭ ᠶᠤᠰᠦᠨ ᠠᠴᠠ ᠡᠭᠦᠰᠴᠦ᠂ ᠤᠳᠤᠮᠰᠢᠯᠲᠦ ᠨᠤᠮ ᠪᠤᠭᠲᠠ ᠶᠢᠨ ᠰᠤᠷᠭᠠᠯ ᠠᠴᠠ ᠡᠰᠢ ᠲᠠᠲᠠᠳᠠᠭ᠃ ︽︿ᠶᠤᠰᠦᠨ﹀ ᠢᠶᠠᠷ ᠪᠡᠶ᠎ᠡ ᠪᠠᠨ ᠬᠢᠴᠢᠶᠡᠵᠦ᠂ ᠪᠡᠶ᠎ᠡ ᠪᠠᠨ ᠲᠠᠭᠠᠭᠠᠳᠠᠭ᠃ ᠭᠡᠲᠡᠯ᠎ᠠ ︿ᠶᠣᠰᠦᠨ ﹀ ᠭᠡᠵᠦ ᠬᠡᠯᠪᠡᠷᠢ ᠦᠭᠡᠢ᠃ ᠶᠣᠰᠦᠨ ᠢ ᠲᠠᠯᠭᠡᠷᠠᠭᠦᠯᠬᠦ ᠴᠢᠨᠠᠭᠰᠢᠯᠠᠭᠠᠳ ᠶᠣᠰᠦᠨ ᠤ ᠲᠦᠯᠦ᠋ᠭᠡ ᠪᠡᠶ᠎ᠡ ᠪᠠᠨ ᠦᠷᠡᠭᠳᠡᠭᠦᠯᠬᠦ ᠨᠢ ᠪᠤᠰᠤᠳᠴᠢ ᠪᠠᠶᠢᠬᠤ᠂ ︿ᠶᠣᠰᠦᠨ﹀ ᠨᠢ ︿ᠰᠦᠷ ᠬᠦᠴᠦᠨ﹀ ᠠᠴᠠ ᠰᠠᠶᠢᠨ ᠭᠡᠰᠡᠨ ᠤᠠᠬᠮᠰᠠᠷ ᠢ ᠪᠠᠶᠢᠭᠤᠯᠬᠤ︾ ᠭᠡᠬᠦ ᠤᠶᠢᠯᠠᠭᠠᠬᠳᠠᠬᠤᠨ ᠨᠢ ᠪᠡᠶᠡᠴᠢ ᠡᠲᠡᠭᠡᠳ ᠠᠴᠠ ᠦᠪᠡᠷ ᠢ ᠪᠠᠨ ᠪᠠᠶᠢᠴᠠᠭᠠᠬᠤ ᠪᠤᠶᠦ ᠦᠪᠡᠷ ᠢ ᠪᠠᠨ ᠪᠤᠯᠪᠠᠰᠦᠷᠠᠭᠤᠯᠬᠤ ᠶᠠᠪᠤᠳᠠᠯ ᠪᠤᠯᠬᠤ ᠶᠤᠮ᠃ ︽ᠶᠣᠰᠦᠨ︾ ᠨᠢ ᠲᠤᠲᠤᠭᠠᠲᠦ ᠪᠠᠲᠤᠯᠠᠭ᠎ᠠ ᠲᠠᠢ ᠪᠤᠯᠬᠤ ᠶᠢᠨ ᠴᠦᠮ᠎ᠠ ᠨᠢ ᠪᠡᠶᠡᠴᠢ ᠴᠤᠭᠴᠠ ᠶᠢᠨ ᠪᠤᠯᠪᠠᠰᠦᠷᠠᠯ ᠪᠠ ᠤᠶᠦᠨ ᠤᠬᠠᠭᠠᠨ ᠤ ᠲᠡᠭᠡᠭᠰᠢᠯᠡᠯᠲᠡ ᠳᠤ ᠪᠤᠢ ᠭᠡᠰᠡᠨ ᠢ ᠤᠬᠠᠵᠤ ᠮᠡᠳᠡᠬᠦ ᠪᠢᠯᠡ᠃ ᠺᠦᠩᠽᠢ ᠬᠢᠭᠡᠳ ᠪᠢᠴᠢᠭ ᠤᠨ ᠰᠤᠷᠭᠠᠯᠲᠠᠨ ᠤ ᠤᠨᠤᠯ ᠦᠭᠦᠯᠡᠬᠦᠢ ᠪᠤᠯ ᠦᠨᠡᠨ ᠳᠡᠭᠡᠨ ᠪᠦᠷᠢᠨ ᠪᠦᠲᠦᠨ ᠬᠦᠮᠦᠨ ᠴᠢᠨᠠᠷ ᠢ ᠱᠣᠭᠤᠬᠤ ᠶᠢᠨ ᠲᠦᠯᠦ᠋ᠭᠡ ᠶᠤᠮ᠃ ᠲᠡᠷᠡ ᠪᠠᠷ᠂ ᠡᠬᠦᠨ ᠢ ᠤᠳᠭ᠎ᠠ ᠤᠷᠠᠯᠢᠭ᠂ ᠰᠢᠯᠦ᠋ᠭ ᠲᠠᠭᠤᠤ᠂ ᠶᠤᠰᠤᠯᠠᠯ ᠳᠤ ᠲᠤᠩᠭᠠᠨ ᠦᠵᠡᠵᠦ᠂ ᠪᠡᠶᠡᠴᠢ ᠴᠤᠭᠴᠠ ᠶᠢᠨ ᠬᠦᠮᠦᠨ ᠴᠢᠨᠠᠷ ᠢ ᠱᠤᠭᠤᠬᠤ ᠳᠤ ᠡᠭᠦᠰᠭᠦ ᠠᠴᠠ ᠪᠠᠨ ᠪᠠᠶᠢᠭᠤᠯᠬᠤ ᠪᠠ ᠲᠠᠭᠤᠰᠬᠤ ᠬᠦᠷᠲᠡᠯ᠎ᠠ ᠤᠳᠭ᠎ᠠ ᠤᠷᠠᠯᠢᠭ ᠠᠴᠠ ᠰᠠᠯᠵᠦ ᠴᠢᠳᠠᠬᠤ ᠦᠭᠡᠢ ᠭᠡᠳᠡᠭ᠃ ᠤᠳᠭ᠎ᠠ ᠵᠤᠬᠢᠶᠠᠯ ᠪᠤᠯ ᠵᠤᠬᠢᠶᠠᠯᠴᠢ ᠶᠢᠨ ᠬᠦᠮᠦᠨ ᠴᠢᠨᠠᠷ ᠤᠨ ᠳᠦᠷᠢ ᠪᠠ ᠠᠬᠤᠢ ᠶᠢᠨ ᠤᠷᠠᠯᠢᠭᠵᠢᠭᠤᠯᠤᠯ ᠪᠠᠶᠢᠵᠦ᠂ ᠬᠦᠮᠦᠨᠴᠢ ᠦᠵᠡᠯ ᠨᠢ ᠪᠢᠴᠢᠭ ᠤᠨ ᠰᠤᠷᠭᠠᠯᠲᠠᠨ ᠤ ᠤᠨᠤᠯ ᠦᠬᠦᠯᠡᠬᠦᠢ ᠶᠢᠨ ᠴᠦᠮ᠎ᠠ ᠪᠤᠯᠬᠤ ᠶᠤᠮ ᠰᠠᠨ᠃             ᠪᠤᠮᠪᠦ ᠶᠢᠨ ᠰᠤᠷᠭᠠᠯᠲᠡᠨ ᠤ ᠰᠤᠶᠤᠯ ᠠᠴᠠ ᠤᠳᠭ᠎ᠠ ᠵᠤᠬᠢᠶᠠᠯ ᠢ ᠦᠵᠡᠬᠦ ᠳᠤ᠂ ᠪᠤᠮᠪᠤ ᠶᠢᠨ ᠰᠤᠷᠭᠠᠯᠲᠠᠨ ᠭᠤᠤᠯᠳᠠᠭᠤ ᠯᠤᠤᠽᠢ ᠶᠢᠨ ᠪᠤᠮᠪᠤ ᠶᠢᠨ ᠲᠤᠬᠠᠢ ᠰᠤᠷᠭᠠᠯ ᠢᠶᠠᠷ ᠲᠦᠪ ᠪᠤᠯᠭᠠᠭᠰᠠᠨ ᠤᠷᠤᠰᠬᠠᠯ ᠪᠦᠯᠦ᠋ᠭ ᠢ ᠵᠢᠭᠠᠳᠠᠭ᠃ ᠪᠤᠮᠪᠤ ᠶᠢᠨ ᠰᠤᠷᠭᠠᠯ ᠤᠨ ᠤᠳᠭ᠎ᠠ ᠤᠷᠠᠯᠢᠭ ᠤᠨ ᠦᠵᠡᠯ ᠰᠠᠨᠠᠭ᠎ᠠ ᠪᠠ ᠪᠢᠴᠢᠭ ᠤᠨ ᠰᠤᠷᠭᠠᠯᠲᠠᠨ ᠤ ᠰᠤᠷᠭᠠᠬᠤᠢ ᠤᠨᠤᠯ ᠲᠠᠢ ᠡᠰᠡᠷᠭᠦᠴᠡᠯᠳᠦᠵᠦ᠂ ᠬᠡᠢ ᠬᠤᠭᠤᠰᠦᠨ ᠰᠢᠨᠤᠯ ᠦᠭᠡᠢ᠂ ᠬᠦᠮᠦᠨ ᠴᠢᠨᠠᠷ ᠤᠨ ᠠᠬᠤᠢ ᠶᠢ ᠬᠦᠭᠡᠭᠡᠴᠡᠯᠳᠦᠬᠦ ᠶᠢᠨ ᠬᠠᠮᠲᠦ ᠵᠤᠬᠢᠶᠠᠯ ᠪᠦᠲᠤᠭᠡᠯ ᠤᠨ ᠴᠢᠪᠬᠠᠳᠠᠰᠦᠨ ᠤ ᠭᠠᠳᠠᠨᠠᠬᠢ ᠠᠶ᠎ᠠ ᠪᠠ ᠠᠶᠠᠨᠳᠠᠭᠠᠨ ᠤ ᠦᠨᠡᠨ ᠭᠤᠸ᠎ᠠ ᠰᠠᠶᠢᠬᠠᠨ ᠬᠡᠪ ᠨᠠᠮᠪᠠ ᠶᠢ ᠴᠢᠬᠤᠯᠠᠴᠢᠯᠠᠳᠠᠭ᠃ ᠯᠤᠤᠽᠢ ᠶᠢᠨ ︽ᠬᠢᠴᠢᠶᠡᠩᠭᠦᠢ ᠶᠢᠨ ᠲᠦᠢᠯ ᠳᠤ ᠬᠦᠷᠦᠪᠡᠰᠦ᠂ ᠲᠤᠭᠲᠠᠩᠭᠤᠢ ᠦᠨᠡᠨᠴᠢ ᠶᠢ ᠰᠠᠬᠢᠮᠦᠢ︾᠂ ᠵᠤᠸᠡᠩᠽᠢ ᠶᠢᠨ ︽ᠰᠡᠳᠭᠢᠯ ᠤᠨ ᠪᠠᠴᠠᠭ︾᠂ ︽ᠰᠡᠮ ᠰᠠᠭᠤᠵᠦ ᠰᠠᠨᠠᠭ᠎ᠠ ᠪᠠᠨ ᠠᠷᠢᠭᠤᠰᠬᠠᠬᠤ︾ ᠵᠡᠷᠭᠡ ᠦᠵᠡᠯᠲᠡ ᠵᠤᠷᠢᠯᠲᠠ ᠨᠢ ᠪᠦᠷ ᠦᠩᠭᠡᠨ ᠲᠠᠯ᠎ᠠ ᠶᠢᠨ ᠨᠡᠷ᠎ᠡ ᠠᠰᠢᠭ ᠪᠤᠯᠤᠨ ᠶᠤᠰᠤᠯᠠᠯ᠂ ᠶᠤᠰᠦ ᠰᠤᠷᠲᠠᠬᠤᠨ ᠤ ᠵᠦᠢᠯ ᠪᠦᠷᠢ ᠶᠢᠨ ᠬᠦᠯᠢᠶᠡᠰᠦᠯᠡᠯ ᠠᠴᠠ ᠠᠩᠭᠢᠵᠢᠷᠠᠵᠦ᠂ ᠤᠶᠤᠨ ᠰᠠᠨᠠᠭᠠᠨ ᠤ ᠵᠢᠲᠢᠨᠴᠦ ᠳᠤ ᠲᠠᠪᠠ ᠪᠠᠷ ᠵᠢᠭᠤᠯᠴᠢᠯᠠᠬᠤ ᠶᠢ ᠵᠤᠷᠢᠭᠰᠠᠨ ᠶᠤᠮ᠃ ᠲᠡᠷᠨ ᠨᠢ ᠪᠤᠮᠪᠦ ᠶᠢᠨ ᠰᠤᠷᠭᠠᠯᠲᠠᠨ ᠤ ᠰᠤᠶᠤᠯ ᠤᠨ ︽ᠬᠡᠢ ᠬᠤᠭᠤᠰᠦᠨ ᠤᠨᠦᠯ︾ ᠤᠨ ᠵᠤᠬᠢᠶᠠᠨ ᠪᠦᠲᠤᠭᠡᠬᠦ ᠰᠡᠳᠭᠢᠴᠡ ᠪᠠ ᠰᠤᠨᠢᠷᠬᠠᠬᠤ ᠰᠡᠳᠭᠢᠴᠡ ᠶᠢ ᠰᠢᠭᠤᠳ ᠨᠦᠯᠦ᠋ᠭᠡᠯᠡᠭᠰᠡᠨ ᠢᠶᠠᠷ ᠪᠠᠷᠠᠬᠤ ᠦᠭᠡᠢ ᠪᠢᠴᠢᠭ ᠤᠨ ᠰᠤᠷᠭᠠᠯᠲᠠᠨ ᠤ ᠦᠵᠡᠯᠲᠡ ᠵᠤᠷᠢᠯᠲᠠ ᠠᠴᠠ ᠤᠨᠳᠤᠤ ᠪᠤᠯᠦ᠋ᠭᠰᠠᠨ ᠤᠷᠠᠯᠢᠭ ᠤᠨ ᠬᠦᠮᠦᠨᠴᠢ ᠴᠢᠨᠠᠷ ᠤᠨ ᠱᠤᠭᠤᠯᠲᠠ ᠶᠢ ᠡᠷᠬᠢᠮᠯᠡᠬᠦ ᠶᠤᠮ᠃ ᠡᠨᠠ ᠨᠢ ᠪᠤᠮᠪᠦ ᠶᠢᠨ ᠰᠤᠷᠭᠠᠯ ᠤᠨ ᠡᠷᠲᠡᠨ ᠤ ᠤᠳᠭ᠎ᠠ ᠵᠤᠬᠢᠶᠠᠯ ᠤᠨ ᠤᠨᠤᠯ ᠦᠬᠦᠯᠡᠬᠦᠢ ᠳᠤ ᠦᠵᠡᠭᠦᠯᠦ᠋ᠭᠰᠡᠨ ᠲᠤᠰᠬᠠᠢ ᠨᠦᠯᠦ᠋ᠭᠡ ᠲᠤᠰᠬᠠᠯ ᠪᠤᠯᠤᠨ᠎ᠠ᠃ ᠬᠡᠷᠪᠡ ᠤᠳᠭ᠎ᠠ ᠵᠤᠬᠢᠶᠠᠯ ᠳᠠᠬᠢ ᠦᠨ᠎ᠠ ᠦᠷᠳᠡᠭ ᠪᠠ ᠦᠢᠯᠡᠳᠦᠯ ᠢ ᠰᠢᠨᠵᠢᠬᠦ ᠳᠤ ᠪᠢᠴᠢᠭ ᠤᠨ ᠰᠤᠷᠭᠠᠯᠲᠠᠨ ᠪᠤᠯ ᠵᠤᠬᠢᠶᠠᠯ ᠶᠤᠰᠦᠨ ᠢ ᠤᠯᠠᠮᠵᠢᠯᠠᠬᠤ ︽ᠶᠤᠰᠦᠨ ᠢ ᠲᠤᠳᠤᠷᠬᠠᠶᠢᠯᠠᠬᠤ︾  ᠳᠤ ᠪᠠᠶᠢᠵᠦ᠂ ᠪᠤᠮᠪᠤ ᠶᠢᠨ ᠰᠤᠷᠭᠠᠯᠲᠠᠨ ᠪᠤᠯ ᠶᠣᠰᠦᠨ ᠦᠭᠡᠢ ᠱᠦᠯᠲᠦ ᠨᠢ ᠦᠭᠡ ᠬᠡᠯᠡᠨ ᠤ ᠭᠠᠳᠠᠨ᠎ᠠ ᠤᠷᠤᠰᠢᠳᠠᠭ ᠭᠡᠳᠡᠭ ᠶᠤᠮ ᠰᠠᠨ᠃            ︽ᠰᠢᠯᠦ᠋ᠭᠯᠢᠭ ᠤᠶᠤᠨ︾ — ᠦᠨᠳᠦᠰᠦᠲᠡᠨ ᠤ ᠦᠩᠬᠡ ᠬᠢᠯᠪᠠᠭ᠎ᠠ            ᠰᠡᠳᠭᠢᠬᠦᠢ ᠶᠢᠨ ᠠᠷᠭ᠎ᠠ ᠬᠡᠯᠪᠡᠷᠢ ᠭᠡᠳᠡᠭ ᠪᠤᠯ ᠬᠦᠮᠦᠨ ᠲᠦᠷᠤᠯᠬᠢᠲᠡᠨ ᠠᠴᠠ ᠵᠢᠲᠢᠨᠴᠦ ᠶᠢ ᠠᠵᠢᠭᠯᠠᠬᠤ ᠪᠠ ᠰᠡᠳᠭᠢᠬᠦ ᠠᠷᠭ᠎ᠠ ᠮᠠᠶ᠋ᠢ ᠪᠤᠯᠤᠨ᠎ᠠ᠃ ᠰᠡᠳᠭᠢᠬᠦᠢ ᠶᠢᠨ ᠠᠷᠭ᠎ᠠ ᠬᠡᠯᠪᠡᠷᠢ ᠪᠠ ᠬᠦᠮᠦᠨ ᠲᠦᠷᠦᠯᠬᠢᠲᠡᠨ ᠤ ᠰᠣᠶᠤᠯ ᠪᠤᠯ ᠨᠢᠭᠡ ᠠᠯᠬᠤᠮ ᠢᠶᠠᠷ ᠬᠦᠭᠵᠢᠵᠦ ᠢᠷᠡᠭᠰᠡᠨ ᠭᠡᠳᠡᠭ᠃            ᠦᠷᠦᠨᠡᠳᠠᠬᠢᠨ ᠤ ᠤᠨᠤᠯ ᠦᠭᠦᠯᠡᠬᠦᠢ ᠨᠢ ᠪᠧᠯᠠᠲ ᠪᠠ ᠠᠷᠢᠰᠲ᠋ᠤᠲ᠋ᠧᠯ ᠠᠴᠠ ᠡᠬᠢᠯᠡᠭᠡᠳ ᠰᠡᠳᠭᠢᠬᠦᠢ ᠶᠢᠨ ᠠᠷᠭ᠎ᠠ ᠬᠡᠯᠪᠡᠷᠢ ᠨᠢ ᠶᠠᠪᠤᠬᠤ ᠲᠤᠲᠤᠮ ᠯᠤᠭᠢᠭᠴᠢᠯᠠᠭᠰᠠᠨ ᠪᠠ ᠬᠦᠨ ᠤᠬᠠᠭᠠᠡᠴᠢᠯᠠᠭᠰᠠᠨ ᠪᠠᠶᠢᠵᠦ᠂ ᠲᠤᠮᠲᠠᠲᠦ ᠤᠯᠣᠰ ᠤᠨ ᠤᠨᠤᠯ ᠦᠭᠦᠯᠡᠬᠦᠢ ᠨᠢ ᠪᠢᠴᠢᠭ ᠤᠨ ᠰᠤᠷᠭᠠᠯ ᠪᠠ ᠪᠤᠮᠪᠦ ᠶᠢᠨ ᠰᠤᠷᠭᠠᠯ ᠳᠤ ᠨᠦᠯᠦ᠋ᠭᠡᠯᠡᠭᠳᠡᠵᠦ᠂ ᠰᠡᠳᠭᠢᠬᠦᠢ ᠠᠷᠭ᠎ᠠ ᠬᠡᠯᠪᠡᠷᠢ ᠨᠢ ᠵᠤᠭᠰᠤᠩᠭᠤᠢ ᠪᠠ ᠢᠯᠭᠠᠨ ᠲᠤᠲᠤᠷᠠᠭᠤᠯᠬᠤ ᠤᠨᠴᠠᠯᠢᠭ ᠲᠠᠢ ᠪᠥᠭᠡᠳ ᠰᠢᠯᠦ᠋ᠭᠯᠢᠭ ᠤᠨᠴᠠᠯᠢᠭ ᠢᠶᠠᠨ ᠬᠠᠳᠠᠭᠠᠯᠠᠵᠦ ᠪᠠᠶᠢᠳᠠᠭ᠃ ᠡᠨᠡ ᠬᠦ ᠰᠡᠳᠭᠢᠬᠦᠢ ᠶᠢᠨ ᠠᠷᠭ᠎ᠠ ᠬᠡᠯᠪᠡᠷᠢ ᠶᠢᠨ ︽ ᠰᠢᠯᠦ᠋ᠭᠯᠢᠭ ᠤᠶᠤᠨ︾ ᠨᠢ ᠲᠤᠮᠲᠠᠲᠦ ᠶᠢᠨ ᠤᠳᠭ᠎ᠠ ᠵᠤᠬᠢᠶᠠᠯ ᠤᠨ ᠤᠨᠤᠯ ᠦᠬᠦᠯᠡᠬᠦᠢ ᠶᠢᠨ ᠲᠡᠦᠬᠡᠨ ᠳᠤ ᠬᠡᠳᠦᠨ ᠮᠢᠩᠭᠠᠨ ᠵᠢᠯ ᠦᠷᠭᠦᠯᠵᠢᠯᠡᠵᠦ᠂ ᠦᠷᠦᠨᠡᠳᠠᠬᠢᠨ ᠤ ᠤᠨᠤᠯ ᠦᠭᠦᠯᠡᠬᠦᠢ ᠠᠴᠠ ᠢᠯᠭᠠᠬᠳᠠᠬᠤ ᠴᠢᠬᠤᠯᠠ ᠤᠨᠴᠠᠯᠢᠭ ᠪᠤᠯᠦ᠋ᠭᠰᠠᠨ ᠪᠢᠯᠡ᠃ ᠲᠤᠮᠲᠠᠲᠦ ᠶᠢᠨ ᠡᠷᠲᠡᠨ ᠤ ᠤᠨᠤᠯ ᠦᠭᠦᠯᠡᠬᠦᠢ ᠶᠢᠨ ᠰᠢᠯᠦ᠋ᠭᠯᠢᠭ ᠰᠢᠨᠵᠢ ᠪᠦᠬᠦᠢ ᠰᠡᠳᠭᠢᠬᠦᠢ ᠶᠢᠨ ᠠᠷᠭ᠎ᠠ ᠬᠡᠯᠪᠡᠷᠢ ᠨᠢ ᠶᠡᠭᠡ ᠲᠦᠯᠦ᠋ᠪ ᠦᠯᠢᠭᠡᠷᠯᠡᠬᠦᠢ ᠵᠦᠢᠴᠢᠯᠡᠯ᠂ ᠪᠦᠬᠦᠯᠢ ᠴᠤᠭᠴᠠ ᠶᠢ ᠬᠠᠷᠠᠭᠠᠯᠵᠠᠬᠤ᠂ ᠰᠢᠭᠤᠳ ᠰᠡᠷᠡᠯ ᠮᠡᠳᠡᠷᠡᠮᠵᠢ ᠪᠠᠷ ᠪᠢᠴᠢᠭ ᠤᠨ ᠰᠣᠷᠭᠠᠯ᠂ ᠪᠤᠮᠪᠤ ᠶᠢᠨ ᠰᠣᠷᠭᠠᠯ᠂ ᠲᠢᠶᠠᠨ ᠪᠢᠰᠢᠯᠭᠠᠯ ᠪᠦᠬᠦᠨ ᠳᠤ ᠲᠤᠰᠬᠠᠯ ᠢᠶᠠᠨ ᠤᠯᠤᠭᠰᠠᠨ ᠪᠠᠶᠢᠳᠠᠭ᠃ ᠤᠨᠤᠯ ᠦᠭᠦᠯᠡᠬᠦᠢ ᠶᠢᠨ ᠬᠡᠯᠪᠡᠷᠢ ᠰᠢᠨᠵᠢ ᠠᠴᠠ ᠦᠵᠡᠬᠦ ᠳᠤ᠂ ᠦᠭᠡ ᠬᠡᠯᠡ ᠪᠤᠯ ᠦᠵᠡᠯ ᠰᠠᠨᠠᠭᠠᠨ ᠤ ᠤᠷᠤᠰᠢᠬᠤᠢ ᠬᠡᠯᠪᠡᠷᠢ ᠪᠤᠯᠤᠨ᠎ᠠ᠃ ᠨᠢᠭᠡ ᠤᠯᠤᠰ ᠦᠨᠳᠦᠰᠦᠲᠡᠨ ᠤ ᠤᠳᠭ᠎ᠠ ᠵᠤᠬᠢᠶᠠᠯ ᠤᠨ ᠤᠨᠤᠯ ᠨᠢ ᠵᠦᠪᠭᠡᠨ ᠲᠤᠰ ᠦᠨᠳᠦᠰᠦᠲᠠᠨ ᠤ ᠤᠳᠭ᠎ᠠ ᠵᠤᠬᠢᠶᠠᠯ ᠳᠤ ᠤᠨᠴᠠ ᠪᠠᠶᠢᠬᠤ ᠦᠭᠡ ᠬᠡᠯᠡᠨ ᠤ ᠬᠡᠯᠪᠡᠷᠢ ᠶᠢᠨ ᠤᠷᠴᠢᠨ ᠲᠤᠲᠤᠷ᠎ᠠ ᠤᠷᠤᠰᠢᠳᠠᠭ᠃ ᠲᠡᠷᠡ ᠨᠢ ᠤᠳᠭ᠎ᠠ ᠵᠤᠬᠢᠶᠠᠯ ᠤᠨ ᠦᠭᠡ ᠬᠡᠯᠡᠨ ᠤ ᠬᠡᠯᠪᠡᠷᠢ ᠲᠠᠢ ᠢᠵᠢᠯᠢᠰᠢᠬᠦ ᠶᠢᠨ ᠲᠠᠭᠠᠤ ᠲᠡᠬᠦᠨ ᠤ ᠰᠡᠳᠭᠢᠬᠦᠢ ᠶᠢᠨ ᠬᠡᠯᠪᠡᠷᠢ ᠲᠠᠢ ᠨᠢᠭᠲᠠ ᠬᠠᠷᠢᠴᠠᠭ᠎ᠠ ᠲᠠᠢ᠃ ︽︿ᠰᠢᠯᠦ᠋ᠭᠯᠢᠭ ᠤᠶᠤᠨ﹀ ᠢᠶᠠᠷ ᠤᠨᠴᠠᠯᠢᠭ ᠢᠶᠠᠨ ᠪᠤᠯᠭᠠᠭᠰᠠᠨ ᠰᠡᠳᠭᠢᠬᠦᠢ ᠶᠢᠨ ᠬᠡᠯᠪᠡᠷᠢ ᠨᠢ ᠡᠷᠲᠡᠨ ᠤ ᠤᠨᠤᠯ ᠦᠬᠦᠯᠡᠬᠦᠢ ᠶᠢᠨ ᠤᠨᠤᠯᠴᠢᠳ ᠤᠨ ᠵᠢᠲᠢᠨᠴᠦ ᠶᠢ ᠰᠡᠳᠭᠢᠬᠦ ᠭᠤᠤᠯ ᠠᠷᠭ᠎ᠠ︾᠂ ᠤᠨᠤᠯ ᠤᠨ ᠬᠡᠯᠪᠡᠷᠢ ᠰᠢᠨᠵᠢ ᠨᠢ ᠤᠨᠤᠯᠴᠢᠳ ᠤᠨ ᠦᠵᠡᠯ ᠰᠠᠨᠠᠭᠠᠨ ᠤ ᠦᠷ᠎ᠡ ᠪᠦᠳᠤᠭᠡᠯ ᠢᠶᠠᠨ ᠲᠡᠮᠲᠡᠭᠯᠡᠬᠦ ᠪᠤᠶᠤ ᠨᠡᠶᠢᠳᠡᠯᠡᠬᠦ ᠦᠭᠡ ᠬᠡᠯᠡᠨ ᠤ ᠬᠡᠯᠪᠡᠷᠢ ᠪᠠᠶᠢᠵᠦ᠂ ᠠᠶᠠᠨᠳᠠᠭᠠᠨ ᠤ ︽ᠰᠢᠯᠦ᠋ᠭᠯᠢᠭ ᠤᠶᠤᠨ︾ ᠨᠢ ᠭᠤᠤᠯ ᠤᠨᠴᠠᠯᠢᠭ ᠨᠢ ᠪᠤᠯᠲᠠᠭ᠃ ᠲᠤᠬᠠᠶᠢᠯᠠᠪᠠᠯ᠂ ᠴᠢᠨ ᠤᠯᠤᠰ ᠠᠴᠠ ᠡᠮᠦᠨᠡᠬᠢ ᠤᠨᠤᠯ ᠦᠬᠦᠯᠡᠬᠦᠢ ᠪᠤᠯ ᠦᠪᠡᠷ ᠤᠨ ᠢᠶᠠᠨ ᠵᠤᠬᠢᠶᠠᠯ ᠤᠨ ᠰᠲ᠋ᠢᠯᠢ ᠭᠡᠵᠦ ᠪᠠᠶᠢᠬᠤ ᠦᠭᠡᠢ᠂ ᠤᠨᠤᠯ ᠦᠭᠦᠯᠡᠬᠦᠢ ᠶᠢᠨ ᠦᠵᠡᠯ ᠰᠠᠨᠠᠭ᠎ᠠ ᠴᠦ ᠪᠦᠷ ᠡᠷᠲᠡᠮᠲᠡᠳ ᠤᠨ ᠨᠤᠮ ᠪᠢᠴᠢᠭ ᠲᠤ ᠡ᠊ᠨᠳᠡ ᠲᠡᠨᠲᠡ ᠬᠠᠪᠴᠢᠭᠳᠠᠨ ᠤᠷᠤᠭᠰᠠᠨ ᠤᠴᠢᠷ ᠪᠤᠯᠠᠢ᠃ ᠬᠤᠶᠠᠷ ᠬᠠᠨ ᠤᠯᠤᠰ ᠤᠨ ᠦᠶ᠎ᠡ ᠶᠢᠨ ᠤᠳᠭ᠎ᠠ ᠵᠤᠬᠢᠶᠠᠯ ᠤᠨ ᠰᠢᠭᠦᠮᠵᠢ ᠶᠢᠨ ᠰᠲ᠋ᠢᠯᠢ ᠪᠤᠯ ᠶᠠᠷᠢᠯᠴᠠᠭ᠎ᠠ ᠬᠡᠯᠪᠡᠷᠢ ᠲᠠᠢ ᠪᠢᠰᠢ᠂ ᠬᠠᠷᠢᠨ ᠤᠷᠤᠰᠢᠯ ᠭᠠᠷᠭᠠᠯᠭ᠎ᠠ᠂ ᠵᠠᠬᠢᠳᠠᠯ ᠴᠢᠮᠡᠭᠡᠨ ᠤ ᠬᠡᠯᠪᠡᠷᠢ ᠪᠤᠯᠤᠭᠰᠠᠨ ᠪᠠᠶᠢᠳᠠᠭ᠃ ᠸᠧᠢ ᠶᠢᠨ ᠡᠮᠦᠨᠡᠲᠦ ᠤᠮᠠᠷᠠᠲᠦ ᠲᠦᠷᠦ ᠶᠢᠨ ᠦᠶ᠎ᠡ ᠪᠤᠯ ᠲᠤᠮᠲᠠᠲᠦ ᠤᠯᠤᠰ ᠤᠨ ᠤᠨᠤᠯ ᠦᠬᠦᠯᠡᠬᠦᠢ ᠶᠢᠨ ᠬᠠᠮᠤᠭ ᠤᠨ ᠭᠡᠷᠡᠯ ᠰᠠᠴᠤᠷᠠᠩᠭᠤᠢ ᠴᠠᠭ ᠦᠶ᠎ᠡ ᠮᠦᠨ᠃ ᠡᠨᠡ ᠦᠶ᠎ᠡ ᠳᠤ ᠰᠢᠭᠦᠮᠵᠢ ᠰᠲ᠋ᠢᠯᠢ ᠶᠢᠨ ᠵᠤᠬᠢᠶᠠᠯ ᠤᠨ ᠬᠠᠮᠤᠭ ᠤᠨ ᠲᠦᠢᠯᠪᠦᠷᠢᠲᠠᠢ ᠤᠳᠭ᠎ᠠ ᠵᠤᠬᠢᠶᠠᠯᠴᠢᠯᠠᠭᠰᠠᠨ ᠪᠠᠶᠢᠳᠠᠭ᠃ ᠲᠦᠯᠦ᠋ᠭᠡᠯᠡᠭᠴᠢ ᠴᠢᠨᠠᠷ ᠪᠦᠬᠦᠢ ᠤᠳᠭ᠎ᠠ ᠵᠤᠬᠢᠶᠠᠯ ᠤᠨ ᠤᠨᠤᠯ ᠦᠭᠦᠯᠡᠬᠦᠢ ᠶᠢᠨ ᠠᠯᠲᠠᠷᠲᠦ ᠪᠦᠲᠤᠭᠡᠯ ︽ᠵᠤᠬᠢᠶᠠᠯ ᠤᠨ ᠰᠡᠳᠭᠢᠬᠦᠢ ᠯᠤᠤ ᠶᠢᠨ ᠰᠡᠶᠢᠯᠦ᠋ᠮᠡᠯ︾ ᠪᠤᠯᠤᠨ ᠵᠤᠬᠢᠶᠠᠨ ᠪᠦᠲᠤᠭᠡᠯᠭᠡ ᠶᠢᠨ ᠲᠤᠬᠠᠢ ᠪᠦᠲᠦᠭᠡᠯ ᠯᠦ ᠵᠶ᠋ᠢ ᠶᠢᠨ ︽ ᠮᠠᠭᠲᠠᠭᠤ︾ ᠵᠡᠷᠭᠡ ᠪᠦᠲᠦᠭᠡᠯ ᠨᠢ ᠰᠢᠭᠤᠳ ᠴᠤᠯ ᠤᠷᠠᠨ ᠵᠤᠬᠢᠶᠠᠯ ᠤᠨ ᠬᠤᠤᠰᠯᠡᠯ᠂ ᠮᠠᠭᠲᠠᠭᠤ ᠶᠢᠨ ᠬᠡᠯᠪᠡᠷᠢ ᠪᠠᠷ ᠪᠢᠴᠢᠭᠰᠡᠨ ᠪᠠᠶᠢᠳᠠᠭ᠃ ᠶᠠᠷᠢᠶᠠᠨ ᠦᠭᠡᠢ᠂ ᠡᠨᠡ ᠡᠷᠢᠨ ᠳᠤ ︽ᠦᠭᠦᠯᠡᠬᠦᠢ︾ ᠪᠠᠷ ᠨᠠᠷᠡᠯᠡᠭᠰᠡᠨ ᠰᠢᠭᠦᠮᠵᠢ ᠰᠲ᠋ᠢᠯᠢ ᠶᠢᠨ ᠵᠤᠬᠢᠶᠠᠯ ᠴᠦ ᠪᠤᠢ᠃ ᠲᠠᠩ ᠤᠯᠤᠰ ᠤᠨ ᠦᠶ᠎ᠡ ᠶᠢᠨ ᠰᠢᠭᠦᠮᠵᠢ ᠵᠤᠬᠢᠶᠠᠯ᠂ ᠵᠠᠬᠢᠳᠠᠯ᠂ ᠤᠷᠤᠰᠢᠯ ᠭᠠᠷᠭᠠᠯᠭ᠎ᠠ ᠵᠡᠷᠭᠡ ᠲᠦᠷᠦᠯ ᠵᠠᠨᠠᠷ ᠠᠴᠠ ᠭᠠᠳᠠᠨ᠎ᠠ ᠨᠡᠯᠢᠶᠡᠳ ᠲᠡᠯᠭᠡᠷᠡᠭᠰᠡᠨ ᠰᠲ᠋ᠢᠯᠢ ᠪᠤᠯ ᠰᠢᠯᠦ᠋ᠭ ᠤᠨ ᠲᠤᠬᠠᠢ ᠦᠭᠦᠯᠡᠭᠰᠡᠨ ᠰᠢᠯᠦ᠋ᠭ ᠪᠤᠯᠦ᠋ᠨ᠎ᠠ᠃ ᠰᠢᠯᠦ᠋ᠭ ᠢᠶᠠᠷ ᠰᠢᠯᠦ᠋ᠭ ᠢ ᠦᠭᠦᠯᠡᠬᠦ ᠨᠢ ᠳ᠋ᠦ᠋ ᠹᠦ᠋ ᠠᠴᠠ ᠡᠬᠢᠯᠡᠵᠦ ᠬᠤᠵᠢᠮ ᠨᠢ ᠪᠠᠢ ᠵᠢᠦᠢ ᠢ᠂ ᠬᠠᠨ ᠢᠦᠢ ᠨᠠᠷ ᠪᠠᠰᠠ ᠪᠢᠴᠢᠭᠰᠡᠨ ᠶᠤᠮ᠃ ᠰᠦᠩ ᠤᠯᠤᠰ ᠤᠨ ᠦᠶ᠎ᠡ ᠶᠢᠨ ᠰᠢᠭᠦᠮᠵᠢ ᠵᠤᠬᠢᠶᠠᠯ ᠤᠨ ᠰᠲ᠋ᠢᠯᠢ ᠲᠤᠲᠤᠷ᠎ᠠ ᠬᠠᠮᠤᠭ ᠤᠨ ᠶᠡᠭᠡ ᠲᠡᠯᠭᠡᠷᠡᠭᠰᠡᠨ ᠨᠢ ᠰᠢᠯᠦ᠋ᠭ ᠤᠨ ᠵᠤᠭᠤᠭ ᠪᠠᠶᠢᠵᠦ᠂ ᠶᠤᠸᠠᠨ᠂ ᠮᠢᠩ᠂ ᠴᠢᠩ ᠤᠨ ᠦᠶ᠎ᠡ ᠪᠤᠯ ᠲᠤᠭᠤᠵᠢᠰ᠂ ᠰᠢ ᠵᠦᠴᠦᠭᠡ ᠶᠢᠨ ᠴᠠᠭ ᠦᠶ᠎ᠡ ᠪᠠᠶᠢᠵᠠᠢ᠃           ᠬᠤᠷᠢᠶᠠᠩᠭᠤᠶᠢᠯᠠᠪᠡᠯ᠂ ᠲᠤᠮᠲᠠᠲᠦ ᠤᠯᠤᠰ ᠤᠨ ᠡᠷᠲᠡᠨ ᠤ ᠤᠨᠤᠯ ᠦᠭᠦᠯᠡᠬᠦᠢ ᠪᠤᠯ ᠲᠡᠭᠦᠨ ᠤ ᠰᠢᠯᠦ᠋ᠭᠯᠢᠭ ᠰᠡᠳᠭᠢᠬᠦᠢ ᠪᠤᠯᠦ᠋ᠨ ᠯᠤᠭᠢᠭ ᠤᠨ ᠬᠡᠶᠢᠰᠪᠤᠷᠢᠯᠡᠯ ᠢ ᠨᠢᠭᠡᠳᠭᠡᠭᠰᠡᠨ ᠰᠠᠭᠤᠷᠢᠨ ᠳᠤ ᠪᠦᠲᠦᠭᠡᠭᠳᠡᠭᠰᠡᠨ ᠶᠤᠮ᠃ ᠦᠷᠦᠨᠡᠳᠠᠬᠢᠨ ᠤ ᠤᠨᠤᠯ ᠦᠭᠦᠯᠡᠬᠦᠢ ᠲᠠᠢ ᠠᠳᠠᠯᠢ ᠪᠤᠰᠦ ᠪᠠᠶᠢᠳᠠᠭ ᠦᠨᠳᠦᠰᠦᠲᠡᠨ ᠤ ᠤᠨᠴᠠᠯᠢᠭ ᠭᠡᠪᠡᠯ ᠲᠤᠮᠲᠠᠲᠦ ᠤᠯᠦ᠋ᠰ ᠤᠨ ᠡᠷᠲᠡᠨ ᠤ ᠤᠨᠤᠯ ᠦᠭᠦᠯᠡᠬᠦᠢ ᠨᠢ ᠠᠭᠤᠴᠢ ᠰᠡᠳᠭᠢᠬᠦᠢ ᠪᠠ ᠰᠤᠨᠢᠭᠤᠴᠢ ᠠᠷᠭ᠎ᠠ ᠤᠬᠠᠭᠠᠨ ᠢᠶᠠᠷ ᠪᠤᠲᠠᠲᠠᠢ ᠬᠡᠷᠡᠭᠯᠡᠭᠡᠨ ᠲᠤᠮᠲᠠ ᠪᠠᠨ ᠨᠡᠩ ᠦᠷᠭᠡᠨ ᠠᠭᠤᠳᠠᠮ ᠤᠷᠤᠨ ᠵᠠᠢ ᠪᠠ ᠠᠮᠢᠲᠦ ᠴᠤᠪᠤᠭᠤᠯᠢᠭ ᠤᠯᠠᠨ ᠶᠠᠩᠵᠦ ᠶᠢᠨ ᠠᠷᠭ᠎ᠠ ᠬᠡᠯᠪᠡᠷᠢ ᠶᠢ ᠬᠠᠩᠭᠠᠳᠠᠭ ᠶᠤᠮ᠃ ᠡᠬᠦᠨ ᠤ ᠬᠠᠮᠲᠦ᠂ ᠡᠷᠲᠡᠨ ᠤ ᠤᠨᠦᠯ ᠦᠭᠦᠯᠡᠬᠦᠢ ᠪᠠᠷ ᠲᠠᠮᠵᠢᠨ ᠤᠳᠭ᠎ᠠ ᠵᠤᠬᠢᠶᠠᠯ ᠤᠨ ᠤᠯᠪᠠᠭ᠎ᠠ ᠶᠢ ᠮᠦᠷᠳᠡᠨ ᠰᠢᠨᠵᠢᠯᠡᠵᠦ᠂ ᠲᠡᠬᠦᠨ ᠤ ᠤᠷᠴᠢᠨ ᠤᠳᠤ ᠦᠶ᠎ᠡ ᠶᠢᠨ ᠤᠳᠭ᠎ᠠ ᠵᠤᠬᠢᠶᠠᠯ ᠤᠨ ᠰᠢᠰᠲ᠋ᠧᠮ ᠪᠠ ᠪᠦᠲᠦᠴᠠ ᠵᠢᠴᠢ ᠵᠤᠬᠢᠶᠠᠯᠴᠢ ᠶᠢᠨ ᠵᠤᠬᠢᠶᠠᠨ ᠪᠦᠲᠦᠭᠡᠬᠦ ᠤᠤᠷ ᠰᠡᠳᠭᠢᠬᠦᠢ ᠶᠢᠨ ᠡᠴᠢᠨ᠎ᠡ ᠤᠬᠠᠮᠰᠠᠷ ᠢ ᠬᠠᠶᠢᠨ ᠰᠦᠪᠡᠭᠴᠢᠯᠡᠵᠦ᠂ ᠲᠤᠮᠲᠠᠲᠦ ᠤᠯᠤᠰ ᠤᠨ ᠡᠷᠲᠡᠨ ᠤ ᠤᠳᠭ᠎ᠠ ᠵᠤᠬᠢᠶᠠᠯ ᠤᠨ ᠤᠨᠦᠯ ᠦᠭᠦᠯᠡᠬᠦᠢ ᠶᠢ ᠤᠯᠠᠨ ᠬᠠᠷᠠᠭᠠᠰᠤ ᠪᠠᠷ ᠰᠢᠨᠵᠢᠯᠡᠨ ᠨᠤᠳᠠᠯᠠᠵᠦ᠂ ᠲᠡᠬᠦᠨ ᠤ ᠤᠳᠭ᠎ᠠ ᠠᠭᠤᠯᠭ᠎ᠠ ᠪᠠ ᠦᠨ᠎ᠡ ᠴᠠᠨ᠎ᠠ ᠶᠢ ᠪᠠᠲᠤᠯᠠᠬᠤ ᠨᠢ ᠨᠡᠩ ᠴᠢᠬᠤᠯᠠ ᠪᠢᠯᠡ᠃ ︵︽ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ︾ ᠠᠴᠠ︶
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ