ᠡᠵᠢ ᠪᠤᠷᠬᠠᠨ | · ᠪᠦᠬᠡᠳᠤᠭᠳᠠᠬᠤ | ᠠᠷᠭᠠᠯ ᠪᠢᠳᠡ ᠬᠤᠶᠠᠷ ᠢ ᠬᠠᠶᠢᠷ᠎ᠠ ᠶᠢᠨ ᠬᠡᠳᠡ ᠪᠠᠷ ᠠᠰᠠᠭᠠᠭᠰᠠᠨ | ᠡᠯᠢᠬᠡᠨ ᠳᠡᠭᠡᠨ ᠨᠠᠷᠠ ᠲᠠᠢ ᠲᠡᠭᠷᠢ | ᠠᠶᠢᠷᠠᠭ ᠪᠢᠳᠡ ᠬᠤᠶᠠᠷ ᠢ ᠰᠦᠯᠡᠨ ᠪᠠᠶᠢᠵᠦ ᠲᠤᠷᠨᠢᠭᠤᠯᠤᠭᠰᠠᠨ | ᠡᠩᠬᠡᠷ ᠲᠡᠭᠡᠨ ᠰᠦ ᠲᠠᠢ ᠪᠤᠯᠠᠭ | ᠠᠷᠤᠭ ᠪᠢᠳᠡ ᠬᠤᠶᠠᠷ ᠢ ᠡᠬᠦᠷᠦᠭᠰᠡᠬᠡᠷ ᠪᠠᠶᠢᠵᠦ ᠪᠦᠭᠳᠦ᠋ᠭᠰᠡᠨ | ᠨᠢᠷᠤᠭᠤᠨ ᠳᠠᠭᠠᠨ ᠢᠯᠴᠢ ᠲᠠᠢ ᠭᠠᠯ | ᠠᠪᠦ ᠪᠢᠳᠡ ᠬᠤᠶᠠᠷ ᠢ ᠠᠮᠢᠳᠤᠷᠠᠯ ᠢᠶᠠᠷ ᠴᠠᠯᠬᠢᠭᠤᠯᠵᠦ ᠤᠶᠠᠰᠬᠠᠭᠰᠠᠨ | ᠰᠡᠳᠬᠢᠯ ᠤᠨ ᠲᠤᠯᠠᠭᠠᠨ ᠪᠠᠭᠤᠴᠠ | ᠡᠵᠢ ᠪᠤᠷᠬᠠᠨ ᠮᠢᠨᠢ︕ | ᠡᠨᠡᠷᠢᠯ ᠤᠨ ᠪᠦᠳᠦᠨ ᠬᠤᠷᠸ᠎ᠠ ᠳᠤ ᠪᠦᠪᠡᠢ ᠶᠢᠨ ᠲᠠᠭᠤᠦ ᠲᠠᠢ ᠵᠠᠶᠠᠭᠠᠭᠰᠠᠨ | ᠡᠬᠡᠰᠢᠭ ᠪᠦᠷᠢᠨ ᠠᠶᠠᠯᠭᠤ | ᠡᠪ ᠤᠨ ᠲᠡᠯᠡᠬᠡᠢ ᠶᠢ ᠬᠡᠶᠢᠭᠦᠯᠦ᠋ᠭᠰᠡᠨ ᠡᠷᠬᠡ ᠬᠤᠨᠭ᠍ᠭᠤᠷ ᠬᠠᠶᠢᠷ᠎ᠠ ᠶᠢᠨ | ᠠᠭᠤᠦ ᠬᠠᠳᠤᠨ ᠤᠬᠠᠭᠠᠨ | ᠢᠰᠢᠬᠡ ᠲᠤᠭᠤᠯ ᠬᠤᠶᠠᠷ ᠢᠶᠠᠨ ᠡᠷᠬᠡᠯᠡᠬᠦᠯᠦ᠋ᠨ ᠪᠠᠶᠢᠵᠦ ᠦᠰᠬᠡᠭᠰᠡᠨ | ᠡᠬᠡᠯ ᠪᠤᠷᠦ ᠮᠠᠯᠴᠢᠨ | ᠡᠩ ᠤᠨ ᠠᠳᠠᠯ᠎ᠠ ᠪᠠᠨ ᠲᠠᠯᠠᠢ ᠶᠡᠭᠡ ᠬᠠᠶᠢᠷᠠᠳᠠᠢ | ᠦᠬᠡᠯᠦ᠋ᠨ ᠡᠬᠡ ᠶᠢᠨ ᠡᠷᠬᠢᠮᠰᠦᠭ ᠲᠦᠷᠬᠦ | ᠡᠵᠢ ᠪᠤᠷᠬᠠᠨ ᠮᠢᠨᠢ︕ | ᠲᠤᠭᠤᠨᠦ ᠪᠠᠨ ᠰᠡᠬᠦᠨ ᠬᠡᠶᠢᠬᠦᠯᠦ᠋ᠭᠰᠡᠨ ᠲᠤᠷᠤᠨ᠎ᠠ ᠶᠢᠨ ᠴᠠᠭᠠᠨ ᠰᠠᠷ᠎ᠠ | ᠲᠤᠭᠤᠭ᠎ᠠ ᠪᠠᠨ ᠰᠡᠮᠤᠷᠤᠨ ᠬᠦᠬᠡᠰᠦᠷᠡᠬᠦᠯᠦ᠋ᠭᠰᠡᠨ ᠲᠤᠯᠭ᠎ᠠ ᠶᠢᠨ ᠲᠤᠯᠠᠭᠠᠨ ᠴᠢᠯᠠᠭᠤ | ᠲᠤᠭᠠᠳᠠᠢ ᠨᠠᠰᠦ ᠪᠠᠨ ᠦᠷᠦᠭᠰᠡᠨ ᠴᠠᠶᠢᠯᠭᠠᠨ ᠰᠡᠳᠬᠢᠯ ᠤᠨ ᠰᠠᠬᠢᠶ᠎ᠠ | ᠲᠤᠯᠤᠭᠠᠢ ᠪᠤᠭᠤᠷᠤᠯᠰᠢᠳᠠᠯᠠ ᠲᠡᠮᠡᠦᠯᠦ᠋ᠭᠰᠡᠨ ᠰᠦᠨ ᠲᠠᠯᠠᠢ ᠶᠢᠨ ᠬᠠᠯᠬᠢᠶ᠎ᠠ | ᠡᠵᠢ ᠮᠢᠨᠢ — ᠬᠦᠦ ᠮᠢᠨᠢ ᠬᠡᠵᠦ ᠲᠡᠷᠨᠢ ᠵᠤᠬᠢᠶᠠᠳᠠᠭ | ᠬᠦᠯ ᠨᠢᠴᠤᠬᠦᠨ ᠪᠤᠷᠬᠠᠨ ᠮᠢᠨᠢ︕ | ᠦᠷ᠎ᠠ ᠪᠠᠨ ᠪᠠᠷᠠᠯᠠᠨ ᠬᠤᠴᠤᠷᠤᠭᠰᠠᠨ ᠲᠡᠭᠡ ᠶᠢᠨ ᠬᠦᠬᠡᠷᠦᠬᠦᠨ ᠵᠤᠭᠰᠤᠭᠠᠯ | ᠦᠨᠡᠨ ᠤ ᠮᠦᠷ ᠢ ᠬᠦᠬᠡᠬᠡᠬᠰᠡᠨ ᠴᠤ ᠵᠢᠷᠦᠬᠡᠨ ᠳᠤ ᠪᠤᠴᠠᠳᠠᠭ ᠰᠠᠬᠢᠭᠤᠰᠦ | ᠦᠡᠭᠬᠡᠳᠦ ᠤᠷᠴᠢᠯᠠᠩ ᠤᠨ ᠵᠠᠢ ᠳᠤ ᠨᠢᠬᠡᠯᠬᠡᠨ ᠢᠷᠡᠳᠡᠭ ᠰᠢᠳᠦᠬᠡᠨ | ᠦᠷ᠎ᠠ ᠶᠢᠨ ᠦᠷ᠎ᠠ ᠪᠠᠨ ᠡᠨᠡᠷᠢᠭᠰᠡᠨ | ᠦᠷᠢ ᠨᠡᠬᠡᠳᠡᠭ ᠦᠬᠡᠢ ᠪᠤᠷᠬᠠᠨ ᠮᠢᠨᠢ︕ | ᠡᠵᠢ ᠬᠦᠮᠦᠨ | ᠦᠷ᠎ᠠ ᠪᠠᠨ ᠬᠡᠵᠦ ᠦᠨᠳᠡᠯᠵᠡᠳᠡᠭ ᠡᠵᠢ ᠬᠦᠮᠦᠨ ᠤ ᠵᠢᠷᠦᠬᠡᠨ ᠠᠴᠠ | ᠦᠨᠡᠨ ᠰᠠᠨᠠᠭᠠᠨ ᠤ ᠲᠤᠯᠬᠢᠶ᠎ᠠ ᠰᠦ ᠪᠤᠯᠤᠨ ᠠᠰᠬᠠᠷᠠᠳᠠᠭ | ᠡᠬᠦᠷᠢᠳᠡ ᠶᠢᠨ ᠬᠦᠬᠡᠷᠦᠬᠦᠢ ᠡᠵᠢ ᠬᠦᠮᠦᠨ ᠤ ᠤᠬᠠᠭᠠᠨ ᠳᠤ | ᠡᠷ᠎ᠠ ᠶᠢᠨ ᠲᠡᠭᠷᠢ ᠨᠠᠯᠠᠶᠢᠵᠦ ᠵᠢᠳᠢᠨᠴᠦ ᠪᠦᠯᠢᠶᠡᠰᠳᠡᠭ | ᠠᠶᠢᠯ ᠬᠡᠳᠡᠭ ᠦᠬᠡᠨ ᠳᠤ ᠠᠪᠦ ᠲᠠᠢ ᠮᠢᠨᠢ ᠬᠠᠨᠢᠰᠴᠦ ᠵᠢᠷᠭᠠᠭᠰᠠᠨ | ᠠᠮᠢᠳᠤᠷᠠᠯ ᠬᠡᠳᠡᠭ ᠤᠨ ᠲᠠᠪᠠᠭᠠᠨ ᠳᠤ ᠨᠠᠰᠦ ᠪᠠᠨ ᠦᠷᠦᠵᠦ ᠵᠢᠳᠬᠦᠭᠰᠡᠨ | ᠠᠷᠭᠠᠯ ᠬᠤᠷᠭᠤᠯ ᠬᠤᠶᠠᠷ ᠢᠶᠠᠷ ᠦᠷᠦᠬᠡ ᠪᠠᠨ ᠲᠤᠯᠠᠭᠠᠯᠠᠵᠦ ᠶᠠᠭᠠᠷᠠᠭᠰᠠᠨ | ᠠᠳᠤᠭᠤ ᠪᠢᠳᠡ ᠬᠤᠶᠠᠷ ᠢᠶᠠᠷ ᠡᠳᠦᠷ ᠤᠨ ᠵᠤᠭᠤᠭ ᠢᠶᠠᠨ ᠪᠤᠯᠭᠠᠭᠰᠠᠨ | ᠡᠩᠬᠡᠷ ᠲᠡᠭᠡᠨ ᠰᠦᠨ ᠪᠤᠯᠠᠭ ᠲᠠᠢ ᠡᠵᠢ ᠬᠦᠮᠦᠨ ᠤ ᠰᠡᠳᠬᠢᠯ ᠳᠤ | ᠡᠩᠬᠡ ᠶᠢᠨ ᠬᠤᠷᠸ᠎ᠠ ᠵᠤᠨᠰᠢᠵᠦ ᠮᠦᠡᠭᠬᠡ ᠶᠢᠨ ᠪᠤᠯᠵᠦ ᠠᠮᠢᠯᠠᠳᠠᠭ | ᠡᠪᠡᠷᠰᠢᠵᠦ ᠮᠤᠨᠦ᠋ᠢᠬᠰᠢᠬᠰᠠᠨ ᠭᠠᠷ ᠢᠶᠠᠷ ᠢᠶᠠᠨ ᠰᠠᠴᠤᠯᠢ ᠡᠷᠬᠦᠬᠡᠳ ᠬᠤᠴᠤᠷᠬᠤ ᠳᠤ | ᠡᠪᠡᠷ ᠲᠡᠭᠡ ᠶᠢᠨ ᠵᠤᠭᠰᠤᠭᠠᠯ ᠰᠢᠭ ᠬᠤᠯᠠ ᠶᠢᠨ ᠬᠤᠯᠠ ᠠᠴᠠ ᠰᠦᠨᠳᠡᠷᠯᠡᠳᠡᠭ | ᠨᠠᠰᠤᠨ ᠤ ᠬᠢᠷᠠᠭᠤ ᠦᠨᠵᠢᠵᠦ ᠰᠨ᠋ᠡᠴᠢᠭ ᠤᠨ ᠦᠰᠦ ᠨᠢ ᠪᠤᠭᠤᠷᠤᠯᠳᠤᠭᠰᠠᠨ ᠴᠤ | ᠨᠠᠮ᠎ᠠ ᠶᠢ ᠬᠡᠬᠦ ᠰᠡᠳᠬᠢᠯ ᠳᠤᠨᠢ ᠰᠡᠬᠦᠳᠡᠷ ᠶᠡᠷᠦ ᠨᠢ ᠲᠤᠰᠳᠠᠭ ᠦᠬᠡᠢ | ᠨᠠᠷᠠᠨ ᠲᠤᠭᠤᠨᠤᠳᠦ ᠪᠠᠨ ᠲᠤᠯᠤᠭᠰᠠᠨ ᠨᠠᠮᠬᠠᠨ ᠨᠢᠬᠡ ᠯᠠ ᠠᠮᠢᠰᠬᠤᠭ᠎ᠠ ᠨᠢ ᠴᠤ | ᠨᠠᠭᠠᠳᠤᠭᠤᠯᠵᠦ ᠦᠰᠬᠡᠭᠰᠡᠨ ᠦᠷ᠎ᠠ ᠳᠡᠭᠡᠨ ᠬᠤᠶᠠᠷ ᠲᠠᠰᠤᠷᠠᠵᠦ ᠦᠷᠬᠦᠯᠵᠢᠯᠡᠳᠡᠭ ᠁ | ᠪᠦᠬᠡᠳᠤᠭᠳᠠᠬᠤ᠄ | ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠠᠨ ᠰᠤᠮᠤᠨ ᠤ ᠬᠤᠯᠤᠰᠤᠳᠦ ᠪᠤᠯᠤᠩ ᠭᠠᠴᠠᠭᠠᠨ ᠤ ᠢᠮᠠᠭᠠᠳᠦ ᠲᠤᠭᠤᠶᠢᠯᠠᠩ ᠤᠨ ᠮᠠᠯᠴᠢᠨ᠃ | 1992 ᠤᠨ ᠠᠴᠠ ᠠᠩᠬᠠᠨ ᠤ ᠪᠦᠳᠦᠬᠡᠯ ︽ᠨᠤᠲᠤᠭ ᠤᠨ ᠪᠤᠭᠤᠷᠤᠯ ᠬᠠᠨ︾ ᠢᠶᠠᠨ ︽ᠮᠠᠯᠴᠢᠳ ᠤᠨ ᠰᠤᠨᠢᠨ︾ ᠳᠤ ᠨᠡᠶᠢᠳᠡᠯᠡᠬᠦᠯᠦ᠋ᠭᠰᠡᠨ ᠠᠴᠠ | ᠨᠠᠭᠠᠰᠢ᠂ ᠤᠷᠤᠨ ᠤ ᠡᠯ᠎ᠠ ᠰᠤᠨᠢᠨ ᠰᠡᠳᠬᠦᠯ ᠳᠤ ᠤᠷᠢᠳ ᠬᠤᠵᠢᠳ ᠬᠡᠳᠦᠨ ᠵᠠᠭᠤᠨ ᠰᠢᠯᠦ᠋ᠭ ᠵᠤᠬᠢᠶᠠᠯ ᠢᠶᠠᠨ ᠨᠡᠶᠢᠳᠡᠯᠡᠬᠦᠯᠵᠦ ᠦᠡᠭᠬᠡᠷᠡᠪᠡ᠃ | |